365bet知乎_365bet官方体育投注_365bet娱乐场平台珠穆沁旗蒙古文政务门户网站 365bet知乎_365bet官方体育投注_365bet娱乐场平台

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠦᠵᠦᠮᠦᠴᠢᠨ ᠠᠶᠢᠮᠠᠭ
        ᠨᠡᠶᠢᠲᠡᠯᠡᠭᠰᠡᠨ ᠴᠠᠭ᠄
        2017/3/6
               ᠮᠠᠨ ᠤ ᠦᠵᠦᠮᠦᠴᠢᠨᠴᠣᠳ᠂ ᠣᠷᠢᠳᠦ ᠳᠤ ᠪᠠᠨ ᠭᠠᠭᠴᠠ ᠪᠦᠬᠦᠳᠦ ᠲᠡᠮᠡᠭᠡ ᠲᠠᠢ ᠭᠠᠯᠪᠠ ᠱᠠᠩᠬᠠᠢ ︵ᠱᠠᠩᠬᠤ ᠪᠣᠶᠣ ᠱᠠᠩᠬ᠎ᠠ︶ ᠶᠢᠨ ᠭᠤᠪᠢ᠂ ᠠᠯᠳᠠᠢ᠂ ᠬᠠᠩᠭᠠᠢ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠨᠬᠴᠢ᠂ ᠬᠤᠨᠢ ᠮᠠᠶᠢᠯᠠᠭᠴᠢ ᠶᠢᠨ ᠭᠠᠵᠠᠷ ᠤᠳ ᠢᠶᠠᠷ ᠨᠣᠳᠣᠭᠯᠠᠵᠣ ᠪᠠᠶᠢᠭᠰᠠᠨ ᠢᠶᠠᠨ ᠨᠢᠭᠡᠨ ᠣᠳᠠᠭ᠎ᠠ ᠶᠢᠨ ᠲᠦᠷᠪᠡᠭᠡᠨ ᠳᠤ ᠠᠷᠭ᠎ᠠ ᠪᠣᠰᠣ ᠨᠣᠳᠤᠭ ᠣᠷᠣᠨ ᠢᠶᠠᠨ ᠣᠷᠬᠢᠵᠣ᠂ ᠪᠡᠯᠴᠢᠭᠡᠷ ᠣᠰᠣ ᠰᠣᠩᠭᠤᠨ ᠮᠠᠯᠵᠢᠵᠣ ᠶᠠᠪᠣᠭᠰᠠᠭᠠᠷ ᠣᠳᠣ ᠶᠢᠨ ᠡᠨᠡ ᠨᠣᠳᠤᠭ ᠲᠤ ᠢᠷᠡᠵᠣ ᠠᠮᠢᠳᠣᠷᠠᠨ ᠰᠠᠭᠤᠬᠤ ᠪᠣᠯᠣᠭᠰᠠᠨ ᠶᠣᠮ ᠭᠡᠨ᠎ᠡ ᠯᠠᠢ᠃ ᠢᠩᠭᠢᠬᠦ ᠳᠤ ᠪᠠᠨ ᠬᠤᠶᠠᠷ ᠬᠠᠳᠠᠪᠴᠢ ᠶᠢᠨ ᠠᠮᠠ ᠪᠠᠷ ᠣᠷᠣᠵᠣ ᠢᠷᠡᠭᠡᠳ ᠠᠰ ᠣᠷᠣᠭᠰᠢ ᠶᠠᠪᠣᠵᠣ᠂ ᠬᠤᠶᠠᠷ ᠡᠭᠦᠳᠡ ᠶᠢᠨ ᠬᠤᠭᠤᠷᠣᠨᠳᠣᠭᠤᠷ ᠨᠡᠭᠦᠵᠣ ᠢᠷᠡᠭᠰᠡᠨ ᠠᠴᠠ ︽ᠬᠠᠳᠠᠪᠴᠢ︾᠂ ︽ᠡᠭᠦᠳᠡ︾ ᠬᠡᠮᠡᠨ ᠨᠡᠷᠡᠯᠡᠭᠰᠡᠨ ᠭᠡᠳᠡᠭ᠃ ᠬᠤᠶᠠᠷ ᠡᠭᠦᠳᠡ᠂ ᠬᠤᠶᠠᠷ ᠬᠠᠳᠠᠪᠴᠢ ᠭᠡᠳᠡᠭ ᠨᠢ ᠣᠳᠣ ᠶᠢᠨ ᠵᠡᠭᠦᠨ ᠦᠵᠦᠮᠦᠴᠢᠨ ᠬᠤᠰᠢᠭᠤᠨ ᠤ ᠬᠠᠳᠠᠪᠴᠢ ᠪᠠᠯᠭᠠᠰᠣ ᠶᠢᠨ ᠬᠠᠷᠢᠶᠠᠨ ᠳᠠᠬᠢ ︽ᠬᠤᠶᠠᠷ ᠬᠠᠳᠠᠪᠴᠢ︾  ᠂ ︽ᠬᠤᠶᠠᠷ ᠡᠭᠦᠳᠡ︾ ᠶᠢᠨ ᠠᠭᠤᠯᠠ ᠶᠢ ᠵᠢᠭᠠᠵᠣ ᠪᠤᠢ᠃                                ※      ※      ※       ᠦᠵᠦᠮᠦᠴᠢᠨᠴᠣᠳ ᠤᠨ ᠨᠣᠳᠤᠭ᠂ ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ ᠭᠡᠳᠡᠭ ᠶᠤᠮ᠃ ᠲᠡᠷᠡ ᠠᠭᠤᠯᠠᠨ ᠳᠤ ᠠᠳᠡ ᠳᠡᠨᠳᠡ ᠦᠭᠡᠢ ᠵᠡᠷᠯᠢᠭ ᠦᠵᠦᠮ ᠣᠷᠭᠤᠵᠣ᠂ ᠮᠣᠷᠢᠨ ᠤ ᠰᠡᠭᠦᠯ ᠳᠤ ᠮᠣᠨᠴᠣᠭᠯᠠᠭᠠᠳ᠂ ᠮᠤᠳᠤᠨ ᠲᠡᠷᠭᠡᠨ ᠤ ᠮᠦᠭᠡᠷ ᠲᠤ ᠦᠵᠦᠮ ᠤᠨ ᠰᠢᠭᠦᠰᠣ ᠪᠣᠳᠤᠭ ᠰᠠᠭᠤᠯᠭᠠᠳᠠᠭ ᠲᠡᠶᠢᠮᠤ ᠰᠠᠶᠢᠬᠠᠨ ᠭᠠᠵᠠᠷ ᠪᠠᠶᠢᠭᠰᠠᠨ ᠶᠤᠮ ᠭᠡᠨ᠎ᠡ᠃                              ※      ※      ※      ᠲᠡᠭᠡᠭᠡᠳ ᠮᠠᠨ ᠤ ᠦᠵᠦᠮᠦᠴᠢᠨᠴᠣᠳ᠂ ᠠᠳᠡ ᠢᠷᠡᠭᠰᠡᠨ ᠠᠴᠠ ᠬᠤᠶᠢᠰᠢ᠂ ᠦᠵᠦᠮ ᠤᠨ ᠴᠠᠭᠠᠨ ᠠᠭᠤᠯᠠ  ᠪᠠᠨ ᠦᠷᠭᠦᠯᠵᠢ ᠲᠣᠷᠠᠰᠣᠨ ᠮᠦᠷᠦᠭᠡᠳᠴᠦ᠂ ᠦᠪᠡᠷ ᠤᠨ ᠠᠶᠢᠮᠠᠭ ᠣᠭᠰᠠᠭ᠎ᠠ ᠪᠠᠨ ︽ᠦᠵᠦᠮᠦᠴᠢᠨ︾ ᠭᠡᠵᠤ ᠨᠡᠷᠡᠯᠡᠭᠰᠡᠨ ᠪᠦᠭᠡᠳ ᠲᠡᠭᠦᠨᠴᠢᠯᠡᠨ ᠨᠣᠳᠤᠭ ᠢᠶᠠᠨ ᠵᠣᠷᠢᠨ ᠡᠮᠡᠭᠡᠯ ᠤᠨ ᠪᠦᠭᠦᠷᠭᠡ ᠪᠠᠨ ᠪᠠᠷᠠᠭᠤᠨ ᠬᠤᠶᠢᠰᠢ ᠬᠠᠨᠳᠣᠭᠤᠯᠣᠨ ᠲᠠᠯᠪᠢᠳᠠᠭ ᠵᠣᠷᠰᠢᠯ ᠲᠠᠢ ᠪᠠᠶᠢᠵᠠᠢ᠃ ᠬᠤᠵᠢᠮ ᠨᠢ ᠬᠦᠮᠦᠰ ᠤᠨ ᠰᠡᠳᠬᠢᠯ ᠰᠠᠨᠠᠭᠠᠨ ᠳᠤ ᠨᠦᠯᠦᠭᠡ  ᠲᠠᠢ ᠬᠡᠮᠡᠨ ᠡᠮᠡᠭᠡᠯ ᠤᠨ ᠪᠦᠭᠦᠷᠭᠡ ᠪᠠᠨ ᠪᠠᠷᠠᠭᠤᠨ ᠬᠤᠶᠢᠰᠢ ᠬᠠᠨᠳᠣᠭᠤᠯᠣᠨ ᠲᠠᠯᠪᠢᠬᠤ ᠵᠠᠩᠰᠢᠯ ᠢ ᠦᠭᠡᠷᠡᠴᠢᠯᠡᠵᠣ᠂ ᠵᠠᠪᠠᠯ ᠣᠷᠣᠭᠰᠢ ᠬᠠᠨᠳᠣᠭᠤᠯᠣᠨ ᠲᠠᠯᠪᠢᠬᠤ ᠪᠣᠯᠭᠠᠭᠰᠠᠨ ᠠᠴᠠ ᠰᠡᠳᠬᠢᠯ ᠲᠣᠭᠳᠠᠨᠢᠵᠣ᠂ ᠡᠨᠡ ᠨᠣᠳᠤᠭ ᠲᠤ ᠦᠶ᠎ᠡ  ᠶᠢᠨ ᠦᠶ᠎ᠡ ᠪᠠᠷ ᠢᠶᠠᠨ ᠠᠮᠢᠳᠣᠷᠠᠬᠤ ᠪᠤᠯᠤᠭᠰᠠᠨ ᠶᠣᠮ ᠭᠡᠳᠡᠭ᠃                              ※      ※       ※       ᠮᠠᠨ ᠤ ᠦᠵᠦᠮᠦᠴᠢᠨ ᠠᠶᠢᠮᠠᠭ᠂ ᠤᠷᠢᠳᠦ ᠳᠠᠭᠠᠨ ᠭᠠᠭᠴᠠ ᠪᠦᠬᠦᠳᠦ ᠲᠡᠮᠡᠭᠡ ᠲᠠᠢ᠂ ᠭᠠᠯᠪᠠ ᠱᠠᠩᠬ᠎ᠠ ᠶᠢᠨ ᠭᠤᠪᠢ᠂ ᠠᠯᠳᠠᠢ ᠬᠠᠩᠭᠠᠢ ᠶᠢᠨ ᠦᠵᠦᠮ ᠤᠨ ᠠᠭᠤᠯᠠᠨ ᠳᠤ ᠰᠠᠭᠤᠵᠣ ᠪᠠᠶᠢᠵᠠᠢ᠃ ᠭᠠᠯᠪᠠ ᠱᠠᠩᠬ᠎ᠠ ᠶᠢᠨ ᠭᠠᠭᠴᠠ ᠪᠦᠬᠦᠳᠦ ᠵᠡᠷᠯᠢᠭ ᠲᠡᠮᠡᠭᠡᠳ ᠨᠢ ᠰᠦ ᠶᠡᠬᠡᠳᠡᠢ ᠲᠣᠯᠠ ᠵᠤᠨ ᠨᠠᠮᠣᠷ ᠤᠨ ᠴᠠᠭ ᠲᠤ ᠰᠦ ᠪᠠᠨ ᠬᠦᠰᠡᠷ ᠭᠤᠭᠤᠵᠢᠭᠤᠯᠵᠣ ᠶᠠᠪᠣᠳᠠᠭ ᠶᠤᠮ ᠭᠡᠨ᠎ᠡ᠃ ᠲᠡᠷᠡ ᠭᠤᠭᠤᠵᠢᠭᠰᠠᠨ ᠰᠦ ᠨᠢ ᠢᠰᠴᠦ ᠡᠭᠡᠳᠡᠮᠰᠢᠨ ᠰᠢᠬᠠᠭᠳᠠᠵᠣ ᠠᠭᠠᠷᠴᠠ ᠬᠤᠷᠣᠳ ᠮᠡᠳᠦ ᠬᠠᠪᠳᠠᠭᠠᠢ ᠲᠠᠷᠣᠰᠢᠮᠠᠯ ᠪᠣᠯᠳᠠᠭ ᠪᠠᠶᠢᠵᠠᠢ᠃ ᠡᠭᠦᠨ ᠢ ᠨᠢ ᠮᠠᠨᠠᠶᠢᠬᠢᠨ ᠤ ᠲᠡᠭᠡᠳᠦᠰ ᠲᠡᠭᠦᠵᠦ ᠢᠳᠡᠳᠡᠭ ᠪᠠᠶᠢᠭᠰᠠᠨ ᠪᠦᠭᠡᠳ ᠬᠤᠵᠢᠮ ᠨᠢ ᠲᠡᠭᠦᠪᠡᠷ ᠡᠰᠢᠯᠡᠵᠣ᠂ ᠠᠭᠠᠷᠣᠣᠯ ᠡᠭᠡᠵᠡᠭᠡᠢ ᠠᠴᠠ ᠬᠤᠷᠣᠳ ᠪᠢᠰᠢᠯᠠᠭ ᠬᠢᠬᠦ ᠶᠢ ᠲᠦᠷᠢᠮᠯᠡᠨ ᠰᠣᠷᠣᠭᠰᠠᠨ ᠶᠣᠮ ᠭᠡᠨ᠎ᠡ᠃                              ※      ※      ※        ᠦᠵᠦᠮᠦᠴᠢᠨᠴᠣᠳ᠂ ᠠᠯᠳᠠᠢ ᠬᠠᠩᠭᠠᠢ᠂ ᠦᠵᠦᠮ ᠤᠨ ᠴᠠᠭᠠᠨ ᠠᠭᠤᠯᠠᠨ ᠠᠴᠠ ᠨᠠᠰᠢ ᠨᠡᠭᠦᠵᠤ ᠢᠷᠡᠬᠦ  ᠳᠤ ᠰᠢᠪᠠᠭᠤᠳ ᠨᠢ ᠬᠦᠷᠳᠡᠯ᠎ᠡ ᠠᠶᠢᠯ ᠮᠠᠯ ᠢᠶᠠᠨ ᠲᠠᠭᠠᠵᠣ ᠢᠷᠡᠭᠰᠡᠨ ᠭᠡᠳᠡᠭ᠃ ᠦᠷᠯᠦᠭᠡ ᠦᠣᠷ ᠤᠨ ᠡᠷᠳᠡ ᠶᠢᠨ ᠪᠣᠯᠵᠣᠮᠣᠷ ᠤᠳ ᠤᠨ ᠢᠵᠢᠯ ᠲᠠᠰᠣᠯ ᠵᠢᠷᠭᠢᠭᠡ ᠶᠢ ᠰᠣᠨᠣᠰᠣᠭᠰᠠᠨ ᠡᠪᠦᠭᠡᠳ ᠨᠠᠰᠣᠳᠠᠳ᠂ ᠨᠣᠳᠤᠭ ᠤᠨ ᠰᠢᠪᠠᠭᠤᠳ  ᠢᠶᠠᠨ ᠲᠠᠨᠢᠵᠣ ᠨᠢᠯᠪᠣᠰᠣ ᠣᠨᠠᠭᠠᠵᠣ ᠪᠠᠶᠢᠯ᠎ᠠ ᠬᠡᠯᠴᠡᠳᠡᠭ᠃ ᠮᠠᠨ ᠤ ᠬᠢᠨ ᠤ ᠪᠦᠷᠬᠦᠭᠡᠷ ᠤᠨ ᠴᠣᠷᠭᠤ ᠶᠢ ᠪᠠᠷᠠᠭᠤᠨ ᠬᠤᠶᠢᠰᠢ ᠬᠠᠨᠳᠣᠭᠤᠯᠵᠣ ᠨᠡᠷᠡᠳᠡᠭ ᠨᠢ ᠴᠦ ᠣᠴᠢᠷ ᠲᠠᠢ ᠶᠤᠮ ᠭᠡᠨ᠎ᠡ᠃ ᠠᠯᠳᠠᠢ ᠬᠠᠩᠭᠠᠢ ᠳᠤ ᠪᠠᠶᠢᠬᠤ ᠳᠠᠭᠠᠨ ᠵᠡᠭᠦᠨ ᠣᠷᠣᠭᠰᠢ ᠬᠠᠨᠳᠣᠭᠤᠯᠵᠣ ᠨᠡᠷᠡᠳᠡᠭ ᠪᠠᠶᠢᠵᠠᠢ᠃ ᠠᠳᠡ ᠨᠣᠳᠣᠭᠰᠢᠭᠰᠠᠨ ᠠᠴᠠ ᠬᠤᠶᠢᠰᠢ᠂ ᠬᠦᠷᠤᠩᠭᠡ ᠶᠢᠨ ᠲᠡᠭᠡᠵᠢ ᠪᠠᠨ ᠨᠣᠳᠤᠭ ᠵᠦᠭ ᠲᠡᠭᠡᠨ ᠣᠷᠣᠰᠬᠠᠵᠣ ᠪᠠᠶᠢᠨ᠎ᠠ ᠭᠡᠳ ᠪᠠᠷᠠᠭᠤᠨ ᠬᠤᠶᠢᠰᠢ ᠬᠠᠨᠳᠣᠭᠤᠯᠬᠤ ᠪᠣᠯᠣᠯ᠎ᠠ ᠭᠡᠳᠡᠭ᠃        ︵ᠪᠦᠷᠢᠶ᠋ᠢᠨ ᠨᠠ᠊· ᠲᠡᠮᠡᠴᠡᠯᠳᠦ᠂ ᠪᠠᠯᠨᠤᠳ ᠶᠣ· ᠪᠠᠨᠳᠠᠷᠠᠭᠴᠢ᠂ ᠠ᠊· ᠲᠠᠩᠽᠠᠨ ᠨᠠᠷ ᠤᠨ ᠡᠮᠬᠢᠳᠬᠡᠭᠰᠡᠨ ᠢ ᠨᠠ᠊· ᠪᠦᠬᠡᠬᠠᠳᠠ  ᠪᠸ᠊· ᠵᠠᠳᠠᠮᠪᠠ ᠶᠢᠨ ︽ᠦᠵᠦᠮᠦᠴᠢᠨ ᠲᠣᠮᠤᠭ ᠤᠳ  ︵1︶ ᠨᠣᠮ ᠠᠴᠠ ᠠᠪᠣᠪᠠ︶                            ※      ※      ※        ᠦᠵᠦᠮᠦᠴᠢᠨ ᠶᠠᠰᠣᠳᠠᠨ ᠨᠤᠭᠤᠳ ᠲᠡᠭᠡᠷ᠎ᠡ ᠦᠶ᠎ᠡ ᠳᠤ ᠪᠠᠷᠠᠭᠤᠨ ᠮᠤᠩᠭᠤᠯ ᠤᠨ ᠬᠤᠨᠢ ᠮᠠᠶᠢᠯᠠᠬᠤ᠂ ᠲᠦᠷᠦᠭᠡ ᠬᠠᠩᠭᠢᠨᠠᠬᠤ᠂ ᠦᠵᠦᠮ ᠠᠭᠤᠯᠠ ᠬᠡᠮᠡᠭᠦ ᠨᠤᠳᠤᠭ ᠢᠶᠠᠷ ᠨᠣᠳᠣᠭᠯᠠᠨ ᠠᠮᠢᠳᠣᠷᠠᠵᠣ ᠪᠠᠶᠢᠭᠠᠳ᠂ ᠲᠣᠬᠠᠢ  ᠶᠢᠨ ᠦᠶ᠎ᠡ ᠳᠤ ᠣᠳᠣ ᠶᠢᠨ ᠦᠪᠦᠷ ᠮᠤᠩᠭᠤᠯ ᠤᠨ ᠰᠢᠯᠢ ᠶᠢᠨ ᠭᠤᠣᠯ ᠠᠶᠢᠮᠠᠭ ᠲᠤ ᠪᠠᠷᠠᠭᠤᠨ ᠵᠡᠭᠦᠨ ᠬᠤᠶᠠᠷ ᠬᠤᠰᠢᠭᠤ ᠪᠤᠯᠤᠨ ᠰᠠᠭᠤᠷᠢᠰᠢᠵᠠᠢ᠃ ᠲᠡᠭᠡᠷ᠎ᠡ ᠲᠣᠷᠠᠳᠣᠭᠰᠠᠨ ᠵᠠᠷᠢᠮ ᠭᠠᠵᠠᠷ ᠤᠨ ᠲᠣᠬᠠᠢ ᠲᠠᠶᠢᠯᠪᠣᠷᠢᠯᠠᠪᠠᠯ᠄ ᠲᠦᠷᠦᠭᠡ ᠬᠠᠩᠭᠢᠨᠠᠭᠤᠷ ᠤᠨ ᠬᠠᠪᠴᠢᠯ᠄ ᠣᠳᠣ ᠶᠢᠨ ᠪᠠᠶᠠᠨ ᠦᠯᠦᠭᠡᠢ ᠠᠶᠢᠮᠠᠭ ᠤᠨ ᠰᠠᠭᠰᠣ ᠰᠣᠮᠣ ᠶᠢᠨ ᠨᠤᠳᠤᠭ ︵ᠮᠤᠩᠭᠤᠯ ᠤᠯᠤᠰ ᠤᠨ︶᠂ ᠪᠦᠭᠦᠳᠡ ᠨᠠᠶᠢᠷᠠᠮᠳᠠᠬᠤ ᠲᠣᠮᠳᠠᠳᠦ ᠠᠷᠠᠳ ᠤᠯᠤᠰ ᠤᠨ ᠰᠢᠨᠵᠢᠶᠠᠩ ᠮᠣᠵᠢ ᠬᠤᠶᠠᠷ  ᠤᠨ ᠬᠤᠭᠤᠷᠣᠨᠳᠦ ᠣᠷᠣᠰᠢᠳᠠᠭ᠃ ᠬᠡᠷᠪᠡ ᠮᠣᠷᠢ ᠲᠠᠢ ᠬᠦᠮᠦᠨ ᠶᠠᠪᠣᠪᠠᠯ ᠡᠮᠡᠭᠡᠯ ᠤᠨ ᠲᠦᠷᠦᠭᠡ ᠱᠦᠷᠭᠦᠭᠡᠳᠡᠭ ᠨᠠᠷᠢᠨ ᠬᠠᠪᠴᠢᠯ ᠣᠴᠢᠷ ᠠᠴᠠ ᠲᠦᠷᠦᠭᠡ ᠬᠠᠩᠭᠢᠨᠠᠭᠤᠷ ᠤᠨ ᠬᠠᠪᠴᠢᠯ ᠭᠡᠵᠣ ᠨᠡᠷᠡᠰᠢᠵᠡᠢ᠃        ᠬᠤᠨᠢ ᠮᠠᠶᠢᠯᠠᠬᠤ᠄ ᠲᠦᠷᠦᠭᠡ ᠬᠠᠩᠭᠢᠨᠠᠭᠤᠷ ᠠᠴᠠ ᠵᠡᠭᠦᠨ ᠲᠡᠰᠢ ᠬᠤᠷᠢᠨ ᠺᠢᠯᠣᠮᠧᠲᠷ ᠵᠠᠢ ᠳᠤ ᠣᠷᠣᠰᠢᠬᠤ ᠣᠢ ᠬᠦᠪᠴᠢ ᠷᠠᠰᠢᠶᠠᠨ ᠣᠰᠣ ᠲᠠᠢ ᠦᠵᠡᠰᠬᠦᠯᠡᠩᠲᠦ ᠰᠠᠶᠢᠬᠠᠨ ᠨᠣᠳᠤᠭ ᠪᠠᠶᠢᠳᠠᠭ᠃ ᠲᠡᠭᠡᠷ᠎ᠡ ᠦᠶ᠎ᠡ ᠳᠤ ᠬᠡᠰᠡᠭ ᠲᠡᠭᠡᠷᠡᠮᠴᠢᠳ ᠤᠨ ᠲᠣᠪᠳᠣᠯᠭᠠᠨ ᠠᠴᠠ ᠲᠦᠷᠪᠡᠭᠰᠡᠨ ᠨᠣᠳᠤᠭ ᠤᠨ ᠮᠤᠩᠭᠤᠯᠴᠣᠳ ᠬᠤᠨᠢ ᠪᠠᠨ ᠣᠷᠬᠢᠭᠠᠳ ᠵᠢᠭᠤᠳᠠᠨ ᠵᠠᠶᠢᠯᠠᠵᠠᠢ᠃ ᠡᠭᠦᠨ ᠢ ᠦᠨᠳᠦᠰᠦᠯᠡᠨ ᠬᠤᠨᠢ ᠮᠠᠶᠢᠯᠠᠬᠤ ᠬᠡᠮᠡᠨ ᠨᠡᠷᠡᠯᠡᠬᠦ ᠪᠣᠯᠵᠡᠢ᠃        ᠦᠵᠦᠮᠦᠴᠢᠨ ᠠᠭᠤᠯᠠ᠄ ᠠᠮᠳᠠᠯᠢᠭ ᠰᠠᠶᠢᠬᠠᠨ ᠵᠢᠮᠢᠰ ᠣᠷᠭᠤᠳᠠᠭ᠂ ᠦᠵᠦᠮ ᠬᠠᠶᠢᠷᠬᠠᠨ ᠠᠭᠤᠯᠠ ᠲᠢᠶᠠᠨᠫᠠᠩᠬᠢ ᠶᠢᠨ ᠲᠠᠪᠠᠭᠠᠨ ᠠᠴᠠ ᠤᠷᠤᠭᠰᠢ ᠲᠦᠭᠡᠳᠬᠡᠨ ᠬᠡᠮᠡᠬᠦ ᠠᠯᠳᠠᠨ ᠤ ᠠᠭᠤᠷᠬᠠᠢ ᠲᠠᠢ ᠭᠠᠵᠠᠷ ᠪᠤᠢ ᠭᠡᠨ᠎ᠡ᠃ ᠲᠡᠭᠦᠨ ᠤ ᠪᠠᠷᠠᠭᠤᠨ ᠡᠮᠦᠨ᠎ᠡ ᠣᠷᠣᠰᠢᠬᠤ ᠭᠠᠭᠴᠠ ᠱᠤᠪᠬᠤ ᠠᠭᠤᠯᠠ ᠶᠢ ︽ᠦᠵᠦᠮ ᠠᠭᠤᠯᠠ︾ ᠬᠡᠮᠡᠨ ᠨᠡᠷᠡᠯᠡᠳᠡᠭ ᠪᠣᠯᠣᠯᠳᠠᠢ᠃         ᠲᠣᠰ ᠨᠣᠳᠤᠭ ᠲᠤ ᠣᠨᠳᠣᠷᠴᠦ ᠪᠠᠶᠢᠭᠰᠠᠨ ᠬᠡᠰᠡᠭ ᠮᠣᠩᠭᠤᠯᠴᠣᠳ ᠦᠵᠦᠮ ᠤᠨ ᠠᠭᠤᠯᠠᠨ ᠳᠤ ᠣᠷᠭᠤᠭᠰᠠᠨ ᠵᠡᠷᠯᠢᠭ ᠦᠵᠦᠮ ᠢ ᠲᠡᠭᠦᠵᠣ ᠬᠦᠨᠡᠰᠤ ᠲᠡᠵᠢᠭᠡᠯ ᠤᠨ ᠬᠡᠷᠡᠭᠯᠡᠭᠦᠨ ᠳᠤ ᠬᠡᠷᠡᠭᠯᠡᠬᠦ ᠶᠢᠨ ᠬᠠᠮᠳᠦ ᠬᠤᠳᠠᠯᠳᠣᠨ ᠪᠣᠷᠣᠯᠠᠭᠤᠯᠬᠤ ᠠᠵᠢᠯ ᠡᠷᠬᠢᠯᠡᠭᠰᠡᠨ ᠣᠴᠢᠷ ︽ᠦᠵᠦᠮᠦᠴᠢᠨ︾ ᠬᠡᠮᠡᠬᠦ ᠨᠡᠷᠡᠳᠡᠢ ᠪᠣᠯᠵᠡᠢ᠃          ︵ᠮᠤᠩᠭᠤᠯ ᠣᠯᠣᠰ ᠤᠨ ᠵᠡ᠊· ᠭᠤᠴᠣᠬᠵᠠᠪ ᠤᠨ ︽ᠬᠤᠨᠢᠨ ᠤ ᠠᠵᠣ ᠠᠬᠤᠢ︾ ᠨᠤᠮ ᠠᠴᠠ ᠠᠪᠣᠪᠠ᠃︶
         
        ᠢᠷᠡᠯᠲᠡ᠄ ᠲᠣᠲᠣᠷᠬᠠᠢ ᠦᠭᠡᠢ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号