ᠦᠵᠦᠮᠦᠴᠢᠨ ᠲᠡᠤᠬᠡᠨ ᠠᠴᠠ ᠠᠪᠤᠭᠠᠳ ᠲᠦᠮᠡᠨ ᠠᠷᠠᠳ ᠮᠢᠩᠭᠠᠨ ᠲᠠᠶᠢᠵᠢ ᠲᠠᠢ ᠪᠠᠶᠢᠵᠦ ᠭᠡᠨ᠎ᠡ᠃ | ᠬᠦᠳᠡᠭᠡ ᠰᠦᠯᠳᠡ ᠪᠠᠨ ᠮᠦᠩᠬᠡᠯᠡᠨ ᠲᠠᠬᠢᠵᠦ ᠲᠠᠪᠤᠨ ᠡᠷᠳᠡᠨᠢ ᠶᠢᠨ ᠭᠡᠰᠢᠭ ᠢᠶᠠᠷ ᠲᠠᠯᠯᠠᠭ᠎ᠠ ᠠᠪᠤᠭᠰᠠᠨ ᠢᠶᠠᠷ ᠡᠵᠡᠨ | ᠴᠢᠩᠭᠢᠰ ᠤᠨ ᠰᠦᠯᠳᠡ ᠶᠡᠬᠡᠯ᠎ᠡ ᠪᠠᠶᠠᠰᠴᠤ᠄ ︽ᠡᠷᠳᠡ ᠲᠡᠯᠡᠬᠡᠢ ᠳᠠᠬᠢᠨ ᠢ ᠨᠢᠭᠡᠳᠭᠡᠨ ᠲᠦᠪᠰᠢᠳᠭᠡᠬᠦ ᠳᠤ | ᠦᠵᠦᠮᠦᠴᠢᠨ ᠤ ᠠᠯᠳᠠᠢ ᠪᠠᠭᠠᠳᠤᠷ ᠪᠠᠷᠠᠭᠤᠨ ᠬᠢᠵᠠᠭᠠᠷ ᠢ ᠲᠠᠶᠢᠪᠤᠩ ᠪᠤᠯᠭᠠᠬᠤ ᠳᠤ ᠪᠠᠭᠠᠳᠤᠷ ᠴᠤᠯᠠ ᠶᠢᠨ ᠭᠠᠪᠢᠶ᠎ᠠ | ᠲᠠᠢ᠂ ᠬᠠᠩᠭᠠᠢ ᠵᠠᠩᠵᠤᠨ ᠵᠡᠭᠦᠨ ᠬᠢᠵᠠᠭᠠᠷ ᠢ ᠵᠦᠭᠰᠢᠷᠡᠭᠦᠯᠬᠦ ᠳᠤ ᠵᠠᠩᠵᠤᠨ ᠴᠤᠯᠠ ᠶᠢᠨ ᠵᠢᠳᠭᠦᠯ ᠲᠠᠢ᠂ ᠭᠤᠪᠢ | ᠬᠤᠰᠢᠭᠤᠴᠢ ᠬᠤᠶᠢᠳᠦ ᠬᠢᠵᠠᠭᠠᠷ ᠢ ᠬᠤᠷᠢᠶᠠᠮᠵᠢᠯᠠᠬᠤ ᠳᠤ ᠬᠤᠰᠢᠭᠤᠴᠢ ᠴᠤᠯᠠ ᠶᠢᠨ ᠡᠷᠭᠦᠮᠵᠢ ᠲᠠᠢ᠂ ᠬᠢᠩᠭᠠᠨ | ᠦᠷᠯᠦᠭ ᠡᠮᠦᠨᠡᠳᠦ ᠬᠢᠵᠠᠭᠠᠷ ᠢ ᠲᠦᠪᠰᠢᠳᠭᠡᠬᠦ ᠳᠤ ᠦᠷᠯᠦᠭ ᠴᠤᠯᠠ ᠤᠨ ᠠᠯᠳᠠᠷ ᠲᠠᠢ᠂ ᠲᠦᠪ ᠤᠨ ᠨᠤᠲᠤᠭ | ᠪᠤᠯᠬᠤ ᠬᠠᠭᠠᠨ ᠮᠢᠨᠤ ᠬᠠᠮᠠᠭᠠᠯᠠᠯ ᠳᠤ ᠬᠤᠪᠤᠷ ᠵᠢᠳᠭᠦᠯ ᠦᠵᠡᠭᠦᠯᠦᠭᠰᠡᠨ ᠦᠵᠦᠮᠦᠴᠢᠨ ᠴᠠᠬᠠᠷ ᠤᠨ ᠠᠷᠠᠳ | ᠢᠷᠭᠡᠳ ᠲᠡᠭᠡᠨ᠂ ᠦᠷᠦᠨ᠎ᠡ ᠵᠦᠭ ᠤᠨ ᠦᠬᠡᠷ ᠤᠨ ᠭᠡᠰᠢᠭ᠂ ᠬᠤᠶᠢᠳᠦ ᠵᠦᠭ ᠤᠨ ᠬᠤᠨᠢᠨ ᠭᠡᠰᠢᠭ᠂ ᠲᠤᠷᠤᠨ᠎ᠠ | ᠵᠦᠭ ᠤᠨ ᠢᠮᠠᠭᠠᠨ ᠭᠡᠰᠢᠭ᠂ ᠡᠮᠦᠨ᠎ᠡ ᠵᠦᠭ ᠤᠨ ᠲᠡᠮᠡᠭᠡᠨ ᠭᠡᠰᠢᠭ᠂ ᠲᠡᠭᠡᠳᠦ ᠲᠡᠭᠷᠢ ᠶᠢᠨ ᠴᠠᠭᠠᠨ ᠠᠳᠤᠭᠤᠨ ᠤ | ᠭᠡᠰᠢᠭ ᠤᠨ ᠲᠡᠭᠡᠵᠢ ᠶᠢ ᠰᠤᠶᠤᠷᠬᠠᠶᠠ︕︾ ᠬᠡᠮᠡᠨ ᠠᠶᠢᠯᠠᠳᠤᠭᠰᠠᠨ ᠢᠶᠠᠷ ᠦᠵᠦᠮᠦᠴᠢᠨ ᠨᠤᠲᠤᠭ ᠨᠢ᠄ ᠬᠤᠯᠠᠨ | ᠴᠢᠬᠢ ᠲᠠᠢ ᠠᠳᠤᠭᠤ ᠪᠠᠷ ᠢᠶᠠᠨ ᠬᠤᠯᠠ ᠶᠢᠨ ᠰᠢᠯᠢ ᠶᠢ ᠪᠢᠯᠬᠠᠭᠤᠯᠵᠦ᠂ ᠬᠤᠯᠪᠤᠭ᠎ᠠ ᠪᠦᠬᠦ ᠲᠠᠢ ᠲᠡᠮᠡᠭᠡ ᠪᠠᠷ ᠢᠶᠠᠨ | ᠬᠤᠭᠤᠯᠠᠢ ᠭᠤᠪᠢ ᠶᠢ ᠲᠦᠭᠦᠷᠭᠡᠵᠦ᠂ ᠬᠤᠸᠠ ᠲᠦᠷᠦᠭᠦᠤ ᠲᠠᠢ ᠬᠤᠨᠢᠳ ᠢᠶᠠᠷ ᠢᠶᠠᠨ ᠬᠤᠩᠭᠤᠷ ᠲᠠᠯ᠎ᠠ ᠶᠢ | ᠪᠦᠷᠭᠦᠬᠦᠯᠵᠦ᠂ ᠬᠤᠮᠪᠤᠩ ᠡᠪᠡᠷᠳᠡᠢ ᠦᠬᠡᠷ ᠢᠶᠠᠷ ᠬᠤᠯᠠᠭᠤᠷ ᠤᠨ ᠭᠤᠤᠯ ᠢ ᠪᠢᠯᠬᠠᠭᠤᠯᠵᠦ ᠪᠠᠶᠢᠳᠠᠭ ᠢᠶᠠᠷ ᠮᠠᠯ ᠤᠨ | ᠭᠡᠰᠢᠭ ᠢ ᠲᠦᠭᠦᠷᠡᠩ ᠬᠤᠷᠢᠶᠠᠭᠰᠠᠨ᠂ ᠡᠵᠡᠨ ᠤ ᠰᠤᠶᠤᠷᠬᠠᠯ ᠲᠤᠭᠳᠠᠭᠰᠠᠨ ᠤᠷᠤᠨ ᠪᠤᠯᠤᠭᠰᠠᠨ ᠭᠡᠳᠡᠭ᠃ | ᠡᠭᠦᠨ ᠠᠴᠠ ᠦᠵᠦᠮᠦᠴᠢᠨᠴᠦᠳ ᠠᠯᠳᠠᠨ ᠰᠤᠮᠤ ᠲᠠᠢ ᠲᠠᠯᠠᠯᠭ᠎ᠠ ᠳᠠᠭᠠᠨ ᠲᠠᠪᠤᠨ ᠬᠤᠰᠢᠭᠤ ᠮᠠᠯ ᠤᠨ ᠭᠡᠰᠢᠭ ᠢ ᠬᠢᠬᠦ | ᠪᠠ ᠤᠩᠭᠤᠨ ᠮᠠᠯ ᠤᠨ ᠱᠠᠭ᠎ᠠ ᠪᠠᠷ ᠲᠠᠪᠤᠨ ᠬᠤᠰᠢᠭᠤ ᠮᠠᠯ ᠢᠶᠠᠨ ᠲᠦᠯᠦᠭᠡᠯᠡᠭᠦᠯᠦᠨ᠂ ᠲᠠᠯᠠᠯᠭ᠎ᠠ ᠳᠠᠭᠠᠨ ᠭᠡᠰᠢᠭ ᠤᠨ | ᠬᠦᠷᠢᠶ᠎ᠡ ᠪᠤᠯᠭᠠᠨ ᠵᠢᠷᠭᠠᠭᠤᠯᠵᠦ ᠬᠤᠷᠤᠶᠢᠯᠠᠨ ᠠᠪᠳᠠᠭ ᠵᠠᠩᠰᠢᠯ ᠲᠠᠢ ᠪᠤᠯᠤᠭᠰᠠᠨ ᠨᠢ ᠲᠡᠷᠡ ᠶᠤᠮ ᠭᠡᠨ᠎ᠡ᠃ |