︵ᠤᠷᠢᠶᠠᠩᠬᠠᠨ ᠤ · ᠶᠤᠨᠳᠤᠨ︶ | ᠡᠷᠳᠡ ᠤᠷᠢᠳᠦ ᠴᠠᠭ ᠲᠤ᠂ ᠪᠤᠭᠳᠠ ᠴᠢᠩᠭᠢᠰ ᠤᠨ ᠬᠤᠶᠠᠷ ᠵᠠᠭᠠᠯ ᠬᠡᠨᠳᠠᠢ ᠬᠠᠨ ᠪᠤᠷᠬᠠᠨ ᠬᠠᠯᠳᠣᠨ ᠠᠴᠠ | ᠪᠡᠯᠴᠢᠭᠡᠷ ᠤᠨ ᠰᠣᠷᠭᠤᠭ ᠣᠰᠣᠨ ᠤ ᠲᠤᠩᠭᠠᠯᠠᠭ ᠢ ᠲᠠᠭᠠᠨ ᠶᠠᠪᠤᠭᠰᠠᠭᠠᠷ ᠡᠪᠡᠰᠣᠳᠣ ᠲᠠᠯ᠎ᠠ ᠪᠠᠷ ᠢᠷᠡᠵᠦ᠂ ᠤᠯᠠᠭᠠᠢ | ᠭᠤᠤᠯ ᠤᠨ ᠣᠷᠣᠰᠬᠠᠯ ᠠᠴᠠ ᠤᠮᠳᠠᠯᠠᠨ᠂ ᠴᠠᠪᠴᠢᠷ ᠤᠨ ᠪᠡᠯᠴᠢᠭᠡᠷ ᠲᠤ ᠲᠠᠰᠣᠭᠰᠡᠨ ᠪᠠᠶᠢᠵᠡᠢ᠃ ᠨᠢᠭᠡᠨ ᠡᠳᠦᠷ | ᠶᠡᠭᠡ ᠵᠠᠭᠠᠯ ᠨᠢ ᠡᠬᠡ ᠨᠤᠳᠤᠭ ᠡᠯᠢᠭᠡᠨ ᠰᠦᠷᠦᠭ ᠢᠶᠠᠨ ᠰᠠᠨᠠᠭᠠᠯᠵᠠᠵᠦ ᠪᠤᠴᠠᠬᠤ ᠭᠡᠰᠡᠨ ᠳᠤ ᠲᠡᠭᠦᠤ ᠵᠠᠭᠠᠯ ᠨᠢ᠄ ︽ | ᠤᠯᠠᠭᠠᠢ ᠶᠢᠨ ᠭᠤᠷᠪᠠᠨ ᠤᠷᠣᠰᠬᠠᠯ ᠤᠨ ᠣᠰᠣ ᠨᠢ ᠶᠠᠭᠠᠬᠢᠭᠰᠡᠨ ᠲᠤᠩᠭᠠᠯᠠᠭ ᠪᠤᠢ᠂ ᠤᠡᠭᠭᠤᠨ ᠭᠤᠷᠪᠠᠨ | ᠴᠠᠪᠴᠢᠷ ᠤᠨ ᠡᠪᠡᠰᠦ ᠨᠢ ᠶᠠᠭᠠᠬᠢᠭᠰᠡᠨ ᠰᠣᠷᠭᠤᠭ ᠪᠤᠢ︕︾ ᠭᠡᠵᠦ ᠲᠠᠳᠠᠭᠠᠯᠵᠠᠭᠰᠡᠨ ᠢᠶᠠᠷ ᠶᠡᠭᠡ ᠵᠠᠭᠠᠯ ᠨᠢ | ᠲᠡᠭᠦᠤ ᠪᠠᠨ ᠬᠦᠯᠢᠶᠡᠵᠦ᠂ ᠲᠡᠭᠦᠤ ᠵᠠᠭᠠᠯ ᠨᠢ ᠤᠯᠠᠭᠠᠢ ᠭᠤᠤᠯ ᠢ ᠰᠢᠷᠳᠡᠭᠰᠡᠨ ᠲᠦᠷᠬᠦ ᠪᠠᠷ ᠬᠡᠷᠦᠬᠡ ᠬᠤᠶᠠᠷ ᠬᠠᠳᠠ | ᠪᠤᠯᠤᠨ ᠬᠤᠪᠢᠯᠣᠭᠰᠡᠨ ᠨᠢ ᠲᠡᠷᠡ ᠶᠣᠮ ᠭᠡᠨ᠎ᠡ᠂ ᠡᠵᠡᠨ ᠤ ᠬᠤᠶᠠᠷ ᠵᠠᠭᠠᠯ ᠠᠳᠡ ᠨᠤᠳᠤᠭᠰᠢᠭᠰᠡᠨ ᠢᠶᠠᠷ | ᠦᠵᠦᠮᠦᠴᠢᠨ ᠨᠤᠳᠤᠭ ᠲᠤ ᠵᠠᠭᠠᠯ ᠵᠢᠰᠦᠮ ᠤᠨ ᠠᠳᠣᠭᠤ ᠤᠯᠠᠨ ᠭᠠᠷᠳᠠᠭ ᠪᠠ ᠠᠳᠤᠭᠤᠨ ᠰᠦᠷᠦᠭ ᠦᠨᠢᠷ | ᠦᠰᠦᠯᠳᠠ ᠲᠠᠢ ᠪᠠᠶᠢᠳᠠᠭ ᠨᠢ ᠲᠡᠭᠦᠨ ᠠᠴᠠ ᠪᠤᠯᠤᠭᠰᠠᠨ ᠭᠡᠳᠡᠭ᠃ ᠡᠨᠡ ᠬᠡᠷᠦᠭᠡ ᠬᠠᠳᠠ ᠡᠳᠦᠭᠡ ᠪᠠᠶᠠᠠᠭᠤᠪᠢ | ᠭᠠᠴᠠᠭ᠎ᠠ ᠶᠢᠨ ᠨᠤᠲᠤᠭ ᠲᠤ ᠪᠠᠶᠢᠬᠤ ᠪᠦᠭᠡᠳ ᠯᠠᠮᠠ ᠶᠢᠨ ᠬᠦᠷᠢᠶ᠎ᠡ ᠠᠴᠠ ᠵᠡᠭᠦᠨ ᠤᠷᠤᠭᠰᠢ ᠭᠤᠴᠢᠨ ᠭᠠᠵᠠᠷ ᠤᠨ | ᠵᠠᠶᠢᠳᠠᠢ ᠳᠤ ᠪᠤᠢ᠃ ᠵᠠᠭᠠᠯ ᠭᠡᠳᠡᠭ ᠪᠤᠯ ᠠᠳᠤᠭᠤᠨ ᠤ ᠨᠢᠭᠡ ᠵᠦᠢᠯ ᠤᠨ ᠵᠢᠰᠦᠮ ᠤᠨ ᠬᠡᠯᠪᠡᠷᠢ ᠪᠠ ᠲᠠᠭᠤᠳᠠᠯᠭ᠎ᠠ | ᠪᠤᠯᠤᠨ᠎ᠠ᠂ ᠵᠠᠭᠠᠯ ᠳᠡᠮᠳᠡᠭ ᠨᠢ ᠰᠠᠷᠠᠯ ᠮᠤᠷᠢᠨ ᠳᠤ ᠭᠤᠤᠯᠳᠠᠭᠤ ᠭᠠᠷᠳᠠᠭ ᠪᠦᠭᠡᠳ ᠮᠤᠨᠳᠠᠭᠠᠨ ᠠᠴᠠ ᠲᠤᠷᠤᠭᠰᠢ | ᠬᠤᠶᠠᠷ ᠲᠠᠯᠤ ᠪᠠᠨ ᠲᠠᠭᠠᠭᠰᠠᠨ ᠬᠦᠨᠳᠡᠯᠡᠨ ᠪᠤᠶᠤ ᠡᠯᠳᠡᠪ ᠬᠡᠯᠪᠡᠷᠢ ᠶᠢᠨ ᠵᠢᠷᠤᠭᠠᠰᠤ ᠮᠡᠳᠦ ᠪᠠᠶᠢᠵᠦ᠂ | ᠲᠡᠭᠡᠷ᠎ᠡ ᠠᠴᠠ ᠪᠠᠨ ᠲᠤᠷᠤᠭᠰᠢ ᠪᠠᠨ ᠵᠢᠷᠤᠭᠠᠰᠤ ᠪᠤᠶᠤ ᠬᠡ ᠨᠢ ᠪᠠᠭᠠᠰᠴᠦ ᠨᠠᠷᠢᠰᠤᠨ᠎ᠠ᠂ ᠬᠠᠷ᠎ᠠ ᠭᠤᠤᠯ ᠲᠠᠢ ᠬᠤᠯᠠ | ᠪᠤᠶᠤ ᠬᠤᠸᠠ ᠰᠠᠷᠠᠯ ᠮᠤᠷᠢᠨ ᠳᠤ ᠡᠯᠪᠡᠭ ᠬᠠᠷᠠᠭᠳᠠᠳᠠᠭ᠂ ᠴᠠᠭᠠᠨ ᠰᠠᠷᠠᠯ ᠮᠤᠷᠢᠨ ᠳᠤ ᠢᠯᠡᠷᠡᠬᠦ ᠨᠢ ᠬᠠᠷᠢᠨ ᠨᠢ | ᠬᠤᠪᠤᠷ ᠪᠠᠶᠢᠳᠠᠭ᠂ ᠡᠶᠢᠮᠦᠷᠬᠦ ᠵᠠᠭᠠᠯ ᠲᠠᠢ ᠮᠤᠷᠢ ᠶᠢ ᠲᠡᠭᠷᠢ ᠶᠢᠨ ᠰᠡᠳᠡᠷᠳᠦ ᠬᠦᠯᠦᠭ ᠬᠡᠮᠡᠨ ᠪᠡᠯᠭᠡᠰᠢᠶᠡᠵᠦ ᠶᠠᠷᠢᠳᠠᠭ | ᠰᠠᠨ᠂ ᠡᠶᠢᠮᠦᠷᠬᠦ ᠲᠡᠭᠷᠢ ᠶᠢᠨ ᠰᠡᠳᠡᠷᠳᠤ ᠮᠤᠷᠢ ᠭᠠᠷᠪᠠᠯ ᠠᠳᠤᠭᠤ ᠦᠰᠦᠨ᠎ᠡ ᠭᠡᠳᠡᠭ ᠶᠤᠮ᠃ | ᠤᠷᠢᠳᠦ ᠦᠵᠦᠮᠦᠴᠢᠨ ᠪᠡᠶᠢᠯᠡ ᠶᠢᠨ ᠬᠤᠰᠢᠭᠤᠨ ᠤ ᠲᠦᠮᠡᠨ ᠴᠠᠭᠠᠨ ᠠᠳᠣᠭᠤ ᠲᠠᠢ ᠪᠠᠶᠠᠨ ᠰᠧᠭᠮᠢᠳ | ᠤᠨ ᠭᠡᠳᠡᠭ ᠠᠶᠢᠯ ᠪᠠᠶᠢᠵᠡᠢ᠃ ᠰᠧᠭᠮᠢᠳ ᠢ ᠭᠤᠷᠪᠠᠨ ᠴᠡᠩᠭᠡᠯᠳᠠᠢ ᠬᠠᠪᠢ ᠪᠠᠷ ᠶᠠᠪᠤᠵᠦ ᠪᠠᠶᠢᠳᠠᠯ᠎ᠠ᠂ ᠡᠮᠦᠨ᠎ᠡ ᠨᠢ | ᠠᠯᠳᠠᠨ ᠤᠨᠠᠭ᠎ᠠ ᠶᠠᠪᠤᠵᠦ ᠪᠠᠶᠢᠭᠠᠳ ᠭᠠᠭᠴᠠ ᠬᠤᠮᠤᠤᠯ ᠤᠨᠠᠭᠠᠭᠠᠳ ᠬᠦᠶᠦᠵᠦ ᠤᠳᠤᠭᠰᠡᠨ ᠪᠠᠶᠢᠵᠡᠢ᠃ ᠲᠡᠷᠡ | ᠬᠤᠮᠤᠤᠯ ᠢ ᠠᠪᠴᠢᠷᠠᠵᠦ ᠲᠠᠯᠠᠯᠠᠭᠠᠨ ᠳᠠᠭᠠᠨ ᠲᠠᠬᠢᠭᠰᠡᠨ ᠢᠶᠠᠷ ᠡᠳᠡᠨ ᠤ ᠠᠳᠣᠭᠤ ᠨᠢ ᠶᠡᠭᠡ ᠦᠰᠦᠭᠰᠡᠨ ᠭᠡᠳᠡᠭ᠃ | ᠭᠡᠪᠡᠴᠤ ᠲᠡᠷᠡ ᠤᠨᠠᠭ᠎ᠠ ᠭᠠᠭᠴᠠ ᠬᠤᠮᠤᠤᠯ ᠤᠨᠠᠭᠠᠭᠰᠡᠨ ᠢᠶᠠᠷ ᠰᠧᠭᠮᠢᠳ ᠤᠨ ᠨᠢᠭᠡ ᠯᠡ ᠦᠶ᠎ᠡ ᠳᠤ ᠠᠳᠣᠭᠤ ᠪᠠᠷ | ᠵᠤᠵᠠᠭᠠᠨ ᠪᠤᠯᠤᠭᠰᠡᠨ ᠭᠡᠨ᠎ᠡ᠃ ᠰᠧᠭᠮᠢᠳ ᠤᠨ ᠠᠳᠣᠭᠤᠨ ᠳᠤ ᠵᠠᠭᠠᠯ ᠲᠠᠢ ᠰᠠᠷᠠᠯ ᠵᠢᠰᠦᠮ ᠤᠨ ᠬᠤᠶᠠᠷ ᠡᠷᠳᠡᠨᠢ | ᠶᠢᠨ ᠬᠦᠯᠦᠭ ᠢᠯᠡᠷᠡᠭᠰᠡᠨ ᠶᠤᠮ ᠭᠡᠨ᠎ᠡ᠃ ᠰᠧᠭᠮᠢᠳ ᠤᠨ ᠳᠤ ᠠᠳᠣᠭᠤᠴᠢᠨ ᠪᠠᠶᠢᠭᠰᠡᠨ ᠨᠢᠭᠡ ᠬᠦᠮᠦᠨ᠂ ᠮᠠᠨᠵᠦ | ᠶᠢᠨ ᠬᠠᠭᠠᠨ ᠤ ᠵᠠᠷᠯᠢᠭ ᠢᠶᠠᠷ ᠦᠵᠦᠮᠦᠴᠢᠨ ᠤ ᠲᠦᠮᠡᠨ ᠴᠠᠭᠠᠨ ᠠᠳᠣᠭᠤ ᠲᠠᠢ ᠰᠧᠭᠮᠢᠳ ᠪᠠᠶᠠᠨ ᠤ ᠰᠦᠷᠦᠭ ᠠᠴᠠ | ᠵᠠᠭᠠᠯ ᠲᠠᠢ ᠡᠷᠳᠡᠨᠢ ᠶᠢᠨ ᠬᠦᠯᠦᠭ ᠢ ᠰᠢᠨᠵᠢᠵᠦ ᠤᠯᠤᠭᠠᠳ ᠪᠤᠴᠠᠬᠤ ᠳᠠᠭᠠᠨ ᠪᠡᠭᠡᠵᠢᠩ ᠳᠤ ᠬᠠᠭᠠᠰᠬᠠᠨ ᠡᠳᠦᠷ | ᠶᠠᠪᠤᠭᠠᠳ ᠬᠦᠷᠴᠤ ᠬᠠᠭᠠᠨ ᠳᠤ ᠡᠷᠭᠦᠭᠰᠡᠨ ᠭᠡᠳᠡᠭ᠂ ᠨᠦᠬᠦᠭᠡ ᠨᠢᠭᠡ ᠵᠠᠭᠠᠯ ᠲᠠᠢ ᠰᠠᠷᠠᠯ ᠮᠤᠷᠢ ᠨᠢ ᠴᠢᠨ᠋ᠸ᠎ᠠ ᠳᠤ | ᠢᠳᠡᠭᠳᠡᠭᠰᠡᠨ ᠭᠡᠯᠴᠡᠳᠡᠭ ᠪᠢᠯᠡ᠃ ᠰᠧᠭᠮᠢᠳ ᠤᠨ ᠠᠳᠣᠭᠤ ᠶᠡᠭᠡ ᠦᠰᠴᠤ ᠲᠦᠮᠡ ᠭᠦᠷᠥᠭᠰᠡᠨ ᠴᠢᠨᠢ ᠬᠤᠶᠠᠷ | ᠪᠣᠭᠳᠠ ᠶᠢᠨ ᠠᠷᠣ ᠠᠴᠠ ᠰᠧᠶᠡᠯᠵᠢ ᠶᠢᠨ ᠭᠤᠤᠯ ᠵᠦᠭ ᠴᠣᠪᠣᠵᠣ ᠣᠰᠣ ᠣᠣᠭᠤᠵᠣ ᠪᠠᠶᠢᠰᠠᠭᠠᠷ ᠪᠣᠭᠳᠠ ᠶᠢᠨ | ᠣᠷᠣᠢ ᠣᠨᠢ ᠭᠠᠷᠴᠣ᠂ ᠬᠤᠶᠠᠷ ᠪᠣᠭᠳᠠ ᠭᠡᠬᠦ ᠪᠣᠯᠣᠭᠰᠠᠨ ᠭᠡᠳᠡᠭ᠃ ᠭᠤᠶᠤᠨ ᠤ ᠠᠷᠤ ᠶᠢᠨ ᠭᠤᠤ ︵ᠪᠠᠰᠠ ᠭᠠᠯ | ᠡᠩᠭᠡᠷ ᠭᠡᠳᠡᠭ︶ ᠳᠤ ᠭᠠᠷᠤᠭᠰᠡᠨ ᠤᠨᠠᠭ᠎ᠠ ᠪᠤᠯ ᠰᠠᠶᠢᠨ ᠮᠤᠷᠢ ᠪᠤᠯᠳᠠᠭ ᠶᠤᠮ ᠭᠡᠨ᠎ᠡ᠃ ᠨᠢᠭᠡ ᠡᠳᠦᠷ ᠰᠧᠭᠮᠢᠳ ᠤᠨ | ᠬᠢ ᠠᠳᠣᠭᠤᠨ ᠳᠠᠭᠠᠨ ᠰᠠᠶᠢᠨ ᠮᠤᠷᠢ ᠲᠦᠷᠦᠭᠦᠯᠦᠨ᠎ᠡ ᠭᠡᠵᠦ ᠡᠨᠡᠬᠦ ᠭᠤᠤ ᠳᠤ ᠠᠳᠣᠭᠤ ᠪᠠᠨ ᠡᠳᠦᠷ ᠰᠦᠨᠢ ᠬᠤᠶᠡᠷ | ᠬᠤᠷᠢᠭᠠᠳ ᠭᠡᠭᠦᠳ ᠨᠢ ᠤᠨᠠᠭᠠᠯᠠᠭᠰᠡᠨ ᠦᠭᠡᠢ ᠪᠤᠯᠬᠤᠷ ᠤᠰᠤᠨ ᠵᠦᠭ ᠲᠠᠯᠪᠢᠳᠠᠭ ᠶᠤᠮ ᠪᠠᠶᠢᠨ᠎ᠠ᠃ ᠭᠤᠤ ᠠᠴᠠ | ᠭᠠᠷᠤᠭᠰᠠᠨ ᠡᠨᠡᠤᠭᠡᠨ ᠬᠤᠭᠤᠷᠤᠨᠳᠤ ᠭᠤᠷᠪᠠᠨ ᠵᠠᠭᠤ ᠭᠠᠷᠤᠢ ᠭᠡᠭᠦᠦ ᠤᠨᠠᠭᠠᠯᠠᠭᠰᠡᠨ ᠪᠠᠶᠢᠵᠠᠢ᠃ ᠭᠡᠳᠡᠯ᠎ᠡ ᠭᠤᠶᠤᠨ | ᠤ ᠠᠷᠤ ᠶᠢᠨ ᠭᠤᠤ ᠶᠢᠨ ᠲᠤᠤᠷᠠᠳᠣ ᠠᠮᠠᠨ ᠳᠤ ᠨᠢᠭᠡ ᠯᠡ ᠬᠡᠬᠦᠦ ᠤᠨ᠋ᠨᠭᠠᠯᠠᠵᠦ ᠬᠤᠴᠤᠷᠤᠭᠰᠠᠨ ᠶᠤᠮ ᠭᠡᠨ᠎ᠡ᠂ | ᠱᠤᠳᠣᠩ ᠪᠤᠭᠤᠷᠤᠯ ᠤᠨᠠᠭ᠎ᠠ ᠭᠠᠷᠤᠭᠰᠡᠨ ᠨᠢ ᠬᠤᠵᠢᠮ ᠨᠢ ᠶᠡᠭᠡᠯ᠎ᠡ ᠨᠠᠷᠡᠳᠡᠢ ᠭᠦᠶᠦᠳᠡᠭ ᠮᠤᠷᠢ ᠪᠤᠯᠤᠭᠰᠡᠨ | ᠬᠡᠯᠴᠡᠳᠡᠭ᠃ | |