ᠦᠵᠦᠮᠦᠴᠢᠨ ᠨᠣᠳᠤᠭ ᠤᠨ ᠵᠡᠭᠦᠨ ᠵᠠᠬ᠎ᠠ ᠳᠤ᠂ ᠳᠦᠷᠪᠡᠨ ᠬᠤᠰᠢᠭᠤ ᠪᠠᠷ ᠢᠶᠠᠨ ᠦᠶ᠎ᠡ ᠣᠯᠠᠷᠢᠨ ᠰᠦᠯᠳᠡ | ᠲᠠᠬᠢᠯᠭ᠎ᠠ ᠪᠤᠯᠭᠠᠵᠣ ᠢᠷᠡᠭᠰᠡᠨ ᠠᠯᠳᠠᠨ ᠬᠢᠩᠭᠠᠨ ᠤ ᠰᠠᠯᠪᠣᠷᠢ ᠨᠢᠷᠣᠭᠤ — ᠠᠪᠠ ᠬᠤᠮᠣᠷᠭ᠎ᠠ ᠶᠢᠨ ᠪᠣᠭᠳᠠ | ᠠᠭᠤᠯᠠ ᠠᠴᠠ ᠡᠬᠢ ᠠᠪᠣᠭᠰᠠᠨ ᠬᠠᠯᠬ᠎ᠠ᠂ ᠲᠤᠭᠤᠷ᠂ ᠬᠦᠯᠡᠷ᠂ ᠤᠯᠠᠭᠠᠢ ᠭᠤᠣᠯ ᠤᠳ ᠰᠣᠭᠤ ᠪᠦᠬᠦᠨ ᠠᠴᠠ ᠨᠢ | ᠰᠠᠯᠪᠣᠷᠢᠯᠠᠨ ᠲᠦᠷᠪᠡᠨ ᠵᠦᠭ ᠲᠤ ᠴᠢᠳᠬᠤᠯᠠᠵᠣ ᠪᠠᠶᠢᠳᠠᠭ ᠨᠢ ᠪᠣᠭᠳᠠ ᠠᠭᠤᠯᠠ ᠮᠠᠨᠢ ᠯᠣᠣᠰ ᠤᠨ ᠲᠦᠷᠪᠡᠨ | ᠦᠬᠢᠨ ᠢᠶᠠᠨ ᠮᠣᠷᠳᠠᠭᠤᠯᠵᠣ ᠪᠠᠶᠢᠭ᠎ᠠ ᠨᠢ ᠲᠡᠷᠡ ᠶᠤᠮ ᠭᠡᠨ᠎ᠡ᠃ ᠲᠡᠭᠡᠬᠦ ᠳᠡᠭᠡᠨ ᠲᠤᠭᠤᠷ᠂ ᠬᠦᠢᠯᠡᠷ᠂ ᠬᠤᠶᠠᠷ | ᠦᠬᠢᠨ ᠳᠡᠭᠡᠨ ᠴᠢᠨᠳᠠᠮᠤᠨᠢ ᠰᠣᠪᠣᠳ ᠤᠨ ᠦᠷ᠎ᠡ ᠲᠦᠭᠦᠷᠭᠡᠭᠰᠡᠨ ᠬᠤᠪᠢᠯᠭᠠᠨ ᠬᠤᠯᠦ ᠦᠭᠴᠦ᠂ ᠬᠠᠯᠬ᠎ᠠ ᠣᠯᠠᠭᠠᠢ | ᠬᠤᠶᠠᠷ ᠦᠬᠢᠨ ᠤ ᠪᠠᠨ ᠢᠨᠵᠢᠨ ᠳᠤ ᠬᠠᠷ᠎ᠠ᠂ ᠴᠠᠭᠠᠨ ᠡᠷᠳᠡᠨᠢ ᠶᠢᠨ ᠣᠨᠠᠭ᠎ᠠ ᠳᠠᠭᠠᠭᠤᠯᠣᠭᠰᠠᠨ ᠶᠣᠮ ᠭᠡᠨ᠎ᠡ᠃ | ᠲᠡᠭᠡᠭᠡᠳ ᠲᠦᠷᠪᠡᠨ ᠭᠤᠣᠯ ᠤᠨ ᠰᠠᠪᠠ ᠣᠷᠣᠨ ᠳᠤ ᠲᠠᠷᠢᠶ᠎ᠠ ᠲᠦᠮᠦᠰᠤ ᠠᠭᠤᠯᠠ ᠠᠳᠠᠯᠢ ᠰᠦᠮᠪᠣᠷᠯᠡᠵᠣ᠂ | ᠣᠢ ᠲᠠᠶᠢᠭ᠎ᠠ ᠲᠡᠭᠷᠢ ᠶᠢᠨ ᠬᠠᠶᠠᠭ᠎ᠠ ᠲᠠᠢ ᠵᠠᠯᠭᠠᠯᠳᠣᠵᠣ᠂ ᠮᠠᠯ ᠰᠦᠷᠦᠭ ᠭᠠᠵᠠᠷ ᠤᠨ ᠡᠩ ᠢᠶᠠᠷ ᠪᠢᠯᠬᠠᠵᠣ᠂ ᠨᠡᠩ | ᠴᠦ ᠬᠠᠯᠬ᠎ᠠ ᠭᠤᠣᠯ ᠤᠨ ᠣᠷᠣᠰᠬᠠᠯ ᠲᠠᠭᠠᠣ ᠬᠠᠷ᠎ᠠ ᠵᠢᠰᠣᠮ ᠤᠨ ᠠᠳᠣᠭᠤ ᠣᠯᠠᠨ ᠲᠦᠷᠦᠵᠣ᠂ ᠤᠯᠠᠭᠠᠢ ᠭᠤᠣᠯ | ᠤᠨ ᠬᠦᠪᠡᠭᠡᠨ ᠳᠤ ᠡᠷᠳᠡᠨᠢ ᠶᠢᠨ ᠴᠠᠭᠠᠨ ᠣᠨᠠᠭᠠᠳ ᠦᠰᠴᠦ ᠲᠦᠷᠦᠬᠦ ᠪᠣᠯᠣᠭᠰᠠᠨ ᠶᠣᠮ ᠭᠡᠨ᠎ᠡ᠃ ᠲᠡᠶᠢᠨ ᠬᠦ | ᠡᠷᠳᠡ ᠲᠡᠭᠡᠳᠦ ᠠᠴᠠ ᠣᠯᠠᠭᠠᠢ ᠭᠤᠣᠯ ᠢ ︽ᠣᠨᠠᠭᠠᠨ ᠭᠤᠣᠯ︾ ᠭᠡᠵᠣ ᠨᠡᠷᠡᠯᠡᠳᠡᠭ ᠪᠠᠶᠢᠯ᠎ᠠ ᠭᠡᠳᠡᠭ᠃ | ᠣᠯᠠᠭᠠᠢ ᠭᠤᠣᠯ ᠤᠨ ᠣᠷᠣᠰᠬᠠᠯ ᠬᠦᠷᠣᠭ᠍ᠰᠡᠨ ᠭᠠᠵᠠᠷ ᠲᠤ ᠴᠠᠭᠠᠨ ᠣᠨᠠᠭᠠᠳ ᠲᠦᠷᠦᠳᠡᠭ ᠠᠴᠠ ᠬᠤᠶᠠᠷ | ᠦᠵᠦᠮᠦᠴᠢᠨ ᠴᠠᠭᠠᠨ ᠠᠳᠣᠭᠤ ᠲᠠᠢ ᠪᠠᠶᠢᠳᠠᠭ ᠨᠢ ᠲᠡᠷᠡ ᠶᠤᠮ ᠭᠡᠨ᠎ᠡ᠃ | ︵ᠷᠠ᠊ ᠂ ᠣᠷᠳᠣᠨᠠᠰᠣᠳᠦ ᠡᠮᠬᠢᠳᠬᠡᠪᠡ᠃ ︽ᠦᠵᠦᠮᠦᠴᠢᠨ ᠲᠤᠮᠤᠭ ᠤᠳ︾ ᠨᠤᠮ ᠠᠴᠠ ᠱᠦᠭᠦᠪᠡ ︶ |