ᠴᠢᠩᠭᠢᠰ ᠬᠠᠭᠠᠨ ᠤ ᠠᠷᠪᠠᠨ ᠵᠢᠷᠭᠤᠳᠤᠭᠠᠷ ᠦᠶ᠎ᠡ ᠶᠢᠨ ᠣᠴᠢ ᠪᠠᠲᠤᠮᠥ᠋ᠩᠬᠡ ᠳᠠᠶᠠᠨ ᠬᠠᠭᠠᠨ ᠤ ᠠᠬᠠᠮᠠᠳ | ᠬᠥᠪᠡᠭᠦᠨ ᠲᠥᠷᠥᠪᠣᠯᠣᠳᠬᠠᠩᠭᠠᠢ ᠠᠭᠤᠯᠠᠨ ᠠᠴᠠ ᠨᠡᠭᠦᠳᠡᠯᠯᠡᠨ ᠶᠡᠭᠡ ᠡᠯᠡᠰᠦᠨ ᠭᠤᠪᠢ ᠶᠢᠨ ᠡᠮᠦᠨ᠎ᠡ ᠡᠲᠡᠭᠡᠳ ᠲᠤ | ᠢᠷᠡᠵᠦ ᠨᠤᠲᠤᠭᠰᠢᠨ ᠰᠠᠭᠤᠭᠠᠳ᠂ ᠬᠤᠵᠢᠮ ᠨᠢ ᠲᠡᠭᠦᠨ ᠤ ᠬᠥᠪᠡᠭᠦᠨ ᠪᠣᠳᠢ ᠠᠯᠠᠭ ᠵᠠᠯᠭᠠᠮᠵᠢᠯᠠᠨ ᠡᠵᠡᠯᠡᠵᠦ | ᠨᠤᠲᠤᠭᠰᠢᠨ ᠰᠠᠭᠤᠵᠠᠢ᠃ ᠪᠣᠳᠢ ᠠᠯᠠᠭ ᠤᠨ ᠭᠤᠷᠪᠠᠳᠤᠭᠠᠷ ᠬᠥᠪᠡᠭᠦᠨ ᠣᠩᠭᠤᠨ ᠲᠤᠷᠠᠯ ᠨᠣᠶᠠᠨ ᠲᠤᠰ ᠠᠶᠢᠮᠠᠭ | ᠢᠶᠠᠨ ︽ᠦᠵᠦᠮᠦᠴᠢᠨ︾ ᠭᠡᠵᠦ ᠨᠡᠷᠡᠯᠡᠭᠰᠡᠨ ᠪᠠᠶᠢᠨ᠎ᠠ᠃ | ᠦᠵᠦᠮᠦᠴᠢᠨ ᠭᠡᠳᠡᠭ ᠨᠡᠷ᠎ᠡ ᠴᠣᠬᠤᠮ ᠶᠠᠭᠠᠬᠢᠵᠤ ᠢᠷᠡᠭᠰᠡᠨ ᠪᠣᠢ︖ ᠶᠠᠫᠤᠨ ᠤ ᠨᠢᠭᠡᠨ ᠡᠷᠳᠡᠮᠲᠡᠨ ᠤ | ᠰᠤᠳᠤᠯᠤᠭᠰᠠᠨ ᠢᠶᠠᠷ ᠦᠵᠦᠮᠦᠴᠢᠨ ᠨᠠᠷ ᠤᠤᠯ ᠳᠠᠭᠠᠨ ᠪᠣᠶᠢᠳᠠ ᠪᠥᠭᠯᠡᠭᠦᠦ ᠭᠠᠵᠠᠷ ᠰᠠᠭᠤᠵᠤ ᠪᠠᠶᠢᠭᠰᠠᠨ ᠪᠣᠯᠬᠤᠷ | ᠶᠠᠭᠤᠮ᠎ᠠ ᠪᠦᠬᠦᠨ ᠢ ᠰᠣᠨᠢᠷᠬᠠᠳᠠᠭ ᠦᠵᠡᠮᠡᠷ ᠲᠤ ᠳᠤᠷᠠᠲᠠᠢ ᠪᠠᠶᠢᠵᠠᠢ᠃ ᠡᠶᠢᠮᠦ ᠠᠴᠠ ᠦᠵᠦᠮᠦᠴᠢᠨ ᠭᠡᠰᠡᠨ ᠨᠢ | ᠦᠵᠡᠮᠡᠷᠴᠢᠨ ᠭᠡᠰᠡᠨ ᠤᠳᠬ᠎ᠠ ᠲᠠᠢ ᠪᠠᠶᠢᠵᠤ ᠮᠡᠳᠡᠨ᠎ᠡ ᠭᠡᠵᠡᠢ᠃ ᠲᠡᠷᠡ ᠪᠠᠰᠠ ᠬᠡᠯᠡᠬᠦ ᠳᠡᠭᠡᠨ ᠦᠵᠦᠮᠦᠴᠢᠨ ᠨᠠᠷ ᠪᠣᠯ | ᠵᠠᠬ᠎ᠠ ᠬᠢᠯᠢ ᠶᠢᠨ ᠭᠠᠵᠠᠷ ᠲᠤ ᠰᠠᠭᠤᠵᠤ ᠬᠠᠷᠠᠭᠤᠯ ᠤᠨ ᠡᠭᠦᠷᠭᠡ ᠶᠢ ᠬᠠᠷᠢᠭᠤᠴᠠᠵᠤ ᠪᠠᠶᠢᠵᠠᠢ᠃ ᠬᠠᠭᠤᠴᠢᠨ | ᠮᠣᠩᠭᠤᠯ ᠬᠡᠯᠡᠨ ᠳᠤ ᠬᠠᠷᠠᠭᠤᠯ ᠳᠤ ᠵᠣᠭᠰᠣᠬᠤ ᠶᠢ ᠪᠠᠰᠠ ᠦᠵᠡᠮᠦ ᠭᠡᠵᠦ ᠬᠡᠯᠡᠳᠡᠭ ᠲᠤᠯᠠ ᠴᠢᠨ ᠳᠠᠭᠠᠪᠤᠷᠢ | ᠵᠠᠯᠭᠠᠵᠤ ᠦᠵᠦᠮᠦᠴᠢᠨ ᠪᠣᠯᠣᠭᠰᠠᠨ ᠪᠠᠶᠢᠵᠤ ᠪᠣᠯᠣᠨ᠎ᠠ ᠭᠡᠵᠡᠢ᠃ ᠳ᠋ᠠᠷᠮᠠᠳ᠋ᠯᠾᠠ ᠭᠡᠳᠡᠭ ᠬᠥᠮᠥᠨ ᠤ ᠪᠢᠴᠢᠭᠰᠡᠨ | ᠲᠥᠪᠡᠳ ᠬᠡᠯᠡᠨ ᠤ ᠲᠡᠦᠬᠡ ᠶᠢᠨ ᠵᠣᠬᠢᠶᠠᠯ ᠳᠤ ᠦᠵᠦᠮᠦᠴᠢᠨ ᠨᠠᠷ ᠬᠠᠩᠭᠠᠢ ᠬᠠᠨ ᠳᠤ ᠵᠡᠷᠯᠢᠭ ᠦᠵᠦᠮ ᠲᠡᠭᠦᠵᠦ | ᠠᠮᠢᠳᠤᠷᠠᠳᠠᠭ ᠪᠠᠶᠢᠭᠰᠠᠨ ᠢᠶᠠᠷ ᠨᠢ ᠦᠵᠦᠮᠦᠴᠢᠨ ᠭᠡᠵᠦ ᠨᠡᠷᠡᠯᠡᠪᠡ ᠭᠡᠵᠦ ᠬᠡᠯᠡᠭᠰᠡᠨ ᠪᠠᠶᠢᠪᠠ᠃ | ᠮᠢᠨᠤ ᠦᠵᠡᠬᠦ ᠪᠠᠷ ᠳ᠋ᠠᠷᠮᠠᠳ᠋ᠯᠾᠠ ᠶᠢᠨ ᠬᠡᠯᠡᠭᠰᠡᠨ ᠨᠢ ᠨᠡᠯᠢᠶᠡᠳ ᠲᠥᠯᠥᠪᠲᠡᠢ ᠪᠣᠯᠪᠠ ᠦᠦ ᠭᠡᠵᠦ ᠰᠠᠨᠠᠨ᠎ᠠ᠃ | ᠤᠴᠢᠷ ᠨᠢ ᠣᠳᠣ ᠴᠦ ᠭᠡᠳ ᠠᠷᠠᠳ ᠤᠨ ᠳᠣᠲᠣᠷ᠎ᠠ ᠲᠡᠳᠡᠨ ᠤ ᠳᠡᠭᠡᠳᠦᠰ ᠨᠢ ᠠᠯᠤᠰ ᠬᠤᠯᠠᠬᠢ ᠬᠠᠩᠭᠠᠢ ᠶᠢᠨ | ᠠᠷᠤ᠂ ᠦᠵᠦᠮ ᠤᠨ ᠴᠠᠭᠠᠨ ᠠᠭᠤᠯᠠᠨ ᠳᠤ ᠨᠤᠲᠤᠭᠯᠠᠵᠤ ᠪᠠᠶᠢᠭᠰᠠᠨ ᠢᠶᠠᠨ ᠮᠠᠯᠵᠢᠵᠤ ᠠᠩ ᠠᠩᠨᠠᠭᠰᠠᠭᠠᠷ ᠶᠠᠪᠤᠵᠤ | ᠡᠨᠡ ᠭᠠᠵᠠᠷ ᠢᠷᠡᠭᠰᠡᠨ ᠶᠤᠮ ᠭᠡᠰᠡᠨ ᠤᠯᠠᠮᠵᠢᠯᠠᠯ ᠶᠠᠷᠢᠶ᠎ᠠ ᠪᠣᠢ᠃ ᠡᠨᠡ ᠲᠤᠬᠠᠢ ᠡᠷᠳᠡᠮᠲᠡᠨ ᠮᠡᠷᠭᠡᠳ ᠥᠪᠡᠷ ᠤᠨ | ᠰᠤᠳᠤᠯᠤᠭᠰᠠᠨ ᠰᠣᠨᠣᠰᠤᠭᠰᠠᠨ ᠢᠶᠠᠨ ᠡᠷᠢᠶᠡᠯᠡᠯ ᠦᠭᠡᠢ ᠳᠡᠯᠭᠡᠵᠦ᠂ ᠨᠡᠩ ᠵᠥᠪ ᠣᠨᠣᠪᠴᠢᠲᠠᠢ ᠳ᠋ᠦᠩ ᠥᠭᠬᠦ ᠶᠢ | ᠬᠦᠰᠡᠮᠦᠢ᠃ | | ︽ᠮᠣᠩᠭᠤᠯ ᠬᠡᠯᠡ ᠪᠢᠴᠢᠭ︾ ᠰᠡᠳᠬᠦᠯ ᠤᠨ 1980 ᠣᠨ ᠤ 2 ᠳ᠋ᠤᠭᠠᠷ ᠬᠤᠭᠤᠴᠠᠭ᠎ᠠ |