ᠦᠵᠦᠮᠦᠴᠢᠨ ᠤ ᠲᠡᠤᠭᠡᠨ ᠳᠠᠬᠢ ᠪᠢᠴᠢᠭ ᠤᠨ ᠰᠤᠶᠤᠯ ᠤᠨ ᠠᠯᠳᠠᠷᠳᠤ ᠡᠷᠳᠡᠮᠳᠡᠳ | | | ᠦᠵᠦᠮᠦᠴᠢᠨ ᠤ ᠪᠢᠴᠢᠭ ᠤᠨ ᠰᠤᠶᠤᠯ ᠤᠨ ᠲᠡᠤᠭᠡ ᠶᠢ ᠬᠢᠨᠠᠨ ᠠᠵᠢᠭᠯᠠᠬᠤ ᠳᠤ᠂ ᠲᠡᠳᠡᠨ ᠤ ᠲᠡᠤᠭᠡᠨ ᠲᠡᠭᠡᠷ᠎ᠡ | ᠡᠷᠳᠡᠨ ᠠᠴᠠ ᠪᠠᠨ ᠦᠶ᠎ᠡ ᠤᠯᠠᠷᠢᠨ ᠪᠢᠴᠢᠭ ᠡᠷᠳᠡᠮ ᠳᠤ ᠰᠢᠯᠭᠠᠷᠠᠭᠰᠠᠨ ᠡᠷᠳᠡᠮᠳᠡᠳ ᠲᠠᠰᠤᠷᠠᠯᠳᠠ ᠦᠭᠡᠢ | ᠴᠤᠯᠭᠤᠷᠠᠨ ᠮᠡᠨᠳᠤᠯᠡᠭᠰᠡᠭᠡᠷ ᠢᠷᠡᠵᠠᠢ᠃ ᠦᠨᠦ ᠮᠠᠨ ᠤ ᠤᠶᠢᠯᠠᠭᠠᠵᠤ ᠡᠵᠡᠮᠰᠢᠭᠰᠡᠨ ᠨᠢ ᠲᠤᠶᠢᠯ ᠤᠨ ᠮᠡᠭᠦᠰ ᠲᠤᠳᠠᠭᠤ | ᠪᠠᠶᠢᠳᠠᠭ᠃ ᠡᠭᠦᠨ ᠳᠤ ᠲᠡᠳᠡᠨ ᠤ ᠲᠤᠳᠤᠷ᠎ᠠ ᠠᠴᠠ ᠲᠤᠤᠷᠠᠬᠢ ᠮᠡᠳᠤ ᠤᠨᠴᠠᠭᠠᠢ ᠭᠡᠳᠦᠨ ᠵᠢᠱᠢᠶ᠎ᠠ ᠶᠢ ᠲᠠᠳᠠᠪᠠᠯ᠄ | ᠨᠢᠭᠡ᠂ ᠦᠵᠦᠮᠦᠴᠢᠨ ᠤ ᠡᠯᠳᠡᠩᠭᠡ ᠪᠠᠭᠰᠢ | ᠦᠵᠦᠮᠦᠴᠢᠨ ᠤ ᠡᠯᠳᠡᠩᠭᠡ ᠪᠠᠭᠰᠢ ᠶᠢ ︽ᠡᠯᠳᠦᠩᠭᠡ︾ ᠭᠡᠵᠤ ᠲᠡᠮᠳᠡᠭᠯᠡᠭᠰᠡᠨ ᠪᠠᠰᠠ ᠪᠠᠶᠢᠳᠠᠭ᠃ 15 | ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠳᠤ ᠠᠮᠢᠳᠤᠷᠠᠵᠤ ᠪᠠᠶᠢᠭᠰᠠᠨ ᠭᠦᠮᠦᠨ ᠪᠤᠯᠤᠨ᠎ᠠ᠃ | ᠡᠯᠳᠡᠩᠭᠡ ᠪᠠᠭᠰᠢ ᠲᠤᠬᠠᠢ ᠶᠢᠨ ᠦᠶ᠎ᠡ ᠳᠤ ᠮᠤᠩᠭᠤᠯ ᠤᠨ ᠠᠯᠳᠠᠷᠳᠤ ᠬᠠᠭᠠᠨ — ᠪᠠᠳᠤᠮᠦ᠋ᠩᠭᠡ ᠲᠠᠶᠠᠨ | ᠬᠠᠭᠠᠨ ᠢ ᠲᠠᠭᠠᠵᠤ᠂ ᠮᠤᠩᠭᠤᠯ ᠢ ᠨᠢᠭᠡᠳᠭᠡᠭᠦ ᠶᠡᠭᠡ ᠲᠠᠶᠢᠨ ᠳᠤ ᠤᠷᠤᠯᠴᠠᠵᠤ᠂ ᠲᠠᠶᠢᠨ ᠤ ᠲᠤᠮᠳᠠ ᠲᠠᠶᠠᠨ ᠬᠠᠭᠠᠨ | ᠳᠤ ︽ᠢᠷᠸ᠎ᠠ ᠦᠵᠡᠭᠡᠴᠢ︾ ᠪᠠᠭᠰᠢ ᠪᠠᠶᠢᠭᠰᠠᠨ ᠪᠠᠶᠢᠵᠠᠢ᠃ | ᠡᠯᠳᠡᠩᠭᠡ ᠪᠠᠭᠰᠢ ᠶᠢᠨ ᠡᠨᠡᠬᠦ ᠤᠶᠢᠯᠠ ᠶᠠᠪᠤᠳᠠᠯ ᠢ ᠯᠤ ︽ᠠᠯᠳᠠᠨ ᠲᠤᠪᠴᠢ︾ ᠪᠠ ︽ᠬᠠᠳ ᠤᠨ | ᠦᠨᠳᠤᠰᠦᠨ ᠬᠤᠷᠢᠶᠠᠩᠭᠤᠢ ᠠᠯᠳᠠᠨ ᠲᠤᠪᠴᠢ︾ ᠳᠤ ᠪᠦᠷ ᠲᠤᠳᠤ ᠲᠡᠮᠳᠡᠭᠯᠡᠵᠤ ᠪᠠᠶᠢᠳᠠᠭ ᠠᠴᠠ ᠦᠵᠡᠭᠦ ᠳᠤ᠂ | ᠦᠵᠦᠮᠦᠴᠢᠨ ᠤ ᠡᠯᠳᠡᠩᠭᠡ ᠪᠠᠭᠰᠢ ᠪᠤᠯ 15 ᠳ᠋ᠤᠭᠠᠷ ᠵᠠᠭᠤᠨ ᠤ ᠦᠶ᠎ᠡ ᠶᠢᠨ ᠲᠦᠷᠦ ᠭᠦᠷᠦᠨ ᠤ ᠪᠢᠴᠢᠭ ᠤᠨ | ᠰᠤᠶᠤᠯ ᠤᠨ ᠡᠷᠳᠡᠮᠳᠠᠨ ᠪᠤᠯᠬᠤ ᠶᠢ ᠮᠡᠳᠡᠵᠤ ᠪᠤᠯᠬᠤ ᠶᠤᠮ᠃ | ᠬᠤᠶᠠᠷ᠂ ᠠᠨᠤᠳᠠᠷ᠎ᠠ ᠬᠠᠳᠤᠨ | ᠠᠨᠤᠳᠠᠷ᠎ᠠ ᠬᠠᠳᠤᠨ ᠪᠤᠯ ᠦᠵᠦᠮᠦᠴᠢᠨ ᠠᠶᠢᠮᠠᠭ ᠤᠨ 17 ᠳ᠋ᠤᠭᠠᠷ ᠵᠠᠭᠤᠨ ᠤ ᠦᠶ᠎ᠡ ᠳᠤ ᠠᠮᠢᠳᠤᠷᠠᠵᠤ | ᠪᠠᠶᠢᠭᠰᠠᠨ ᠭᠦᠮᠦᠨ ᠪᠤᠯᠤᠨ᠎ᠠ᠃ ᠲᠡᠷᠡ ᠦᠵᠦᠮᠦᠴᠢᠨ ᠠᠶᠢᠮᠠᠭ ᠲᠤᠬᠠᠢ ᠶᠢᠨ ᠦᠶᠡᠰ ᠬᠠᠯᠬ᠎ᠠ ᠳᠤ ᠨᠡᠭᠦᠵᠤ | ᠤᠴᠢᠭᠰᠠᠨ ᠪᠠᠶᠢᠳᠠᠯ ᠪᠠ ᠠᠵᠤ ᠠᠮᠢᠳᠤᠷᠠᠯ ᠢᠶᠠᠨ 1659 ᠤᠨ ᠳᠤ ᠮᠤᠩᠭᠤᠯ ᠤᠯᠤᠰ ᠤᠨ ︽ᠲᠤᠷᠤᠨᠠᠳᠤ ᠭᠡᠰᠡᠭ | ᠪᠦᠰᠠ ᠶᠢᠨ ᠴᠢᠯᠠᠭᠤ︾ ᠭᠡᠳᠡᠭ ᠭᠠᠵᠠᠷ ᠭᠡᠷᠡᠯᠳᠤ ᠭᠦᠰᠢᠶᠠᠨ ᠲᠡᠭᠡᠷ᠎ᠡ ᠪᠢᠴᠢᠨ ᠲᠡᠮᠳᠡᠭᠯᠡᠵᠤ ᠪᠠᠯᠠᠷᠠᠰᠢ ᠦᠭᠡᠢ | ᠲᠤᠷᠠᠰᠬᠠᠯ ᠦᠯᠡᠳᠡᠭᠡᠵᠠᠢ᠃ | ᠭᠤᠷᠪᠠ᠂ ᠦᠵᠦᠮᠦᠴᠢᠨ ᠭᠤᠮᠪᠤᠵᠠᠪ | ᠦᠵᠦᠮᠦᠴᠢᠨ ᠭᠤᠮᠪᠤᠵᠠᠪ ᠢ ᠪᠠᠰᠠ ᠦᠵᠦᠮᠦᠴᠢᠨ ᠭᠤᠮᠪᠤᠵᠠᠪ ᠭᠦᠩ ᠭᠡᠳᠡᠭ᠃ 17 ᠳ᠋ᠤᠭᠠᠷ ᠵᠠᠭᠤᠨ ᠤ | ᠲᠤᠤᠷ᠎ᠠ ᠬᠠᠭᠠᠰ ᠠᠴᠠ 18 ᠳ᠋ᠤᠭᠠᠷ ᠵᠠᠭᠤᠨ ᠤ ᠲᠤᠮᠳᠠ ᠦᠶ᠎ᠡ ᠭᠦᠷᠳᠡᠯ᠎ᠡ ᠠᠮᠢᠳᠤᠷᠠᠵᠤ ᠪᠠᠶᠢᠵᠠᠢ᠃ ᠲᠡᠷᠡ ᠪᠤᠯ | ᠰᠤᠳᠠᠨᠠᠢ ᠴᠢᠨ ᠸᠠᠩ ᠤᠨ ᠲᠡᠭᠦᠤ ᠤᠳᠠᠷᠠᠢ ᠶᠢᠨ ᠭᠦᠪᠡᠭᠦᠨ ᠪᠤᠯᠤᠨ ᠵᠠᠶᠠᠭᠠᠭᠰᠠᠨ᠂ ᠦᠵᠦᠮᠦᠴᠢᠨ ᠪᠠᠷᠠᠭᠤᠨ ᠭᠠᠷ | ᠬᠤᠰᠢᠭᠤᠨ ᠤ ᠭᠦᠮᠦᠨ ᠶᠤᠮ᠃ ᠡᠩᠭᠡ ᠠᠮᠤᠭᠤᠯᠠᠩ ᠤᠨ ᠦᠶ᠎ᠡ ᠳᠤ ᠪᠡᠭᠡᠵᠢᠩ ᠳᠠᠬᠢ ᠮᠤᠩᠭᠤᠯ ᠲᠦᠪᠡᠳ ᠤᠨ | ᠰᠤᠷᠭᠠᠭᠤᠯᠢ ᠶᠢᠨ ᠲᠡᠷᠢᠭᠦᠨ ᠠᠮᠪᠠᠨ ᠰᠠᠶᠢᠳ ᠪᠠᠶᠢᠵᠤ᠂ ᠨᠠᠰᠤ ᠪᠠᠷ ᠢᠶᠠᠨ ᠲᠦᠷᠦ ᠭᠦᠷᠦᠨ ᠪᠠ ᠮᠤᠩᠭᠤᠯ | ᠦᠨᠳᠦᠰᠦᠳᠠᠠ ᠤ ᠰᠤᠷᠭᠠᠨ ᠭᠦᠮᠦᠵᠢᠯ ᠤᠨ ᠤᠶᠢᠯᠠᠰ ᠲᠤ ᠵᠢᠳᠭᠦᠵᠠᠢ᠃ ᠭᠤᠮᠪᠤᠵᠠᠪ ᠭᠦᠩ ︽ᠭᠠᠩᠭ᠎ᠠ ᠶᠢᠨ | ᠤᠷᠤᠰᠬᠠᠯ︾ ᠵᠡᠷᠭᠡ ᠮᠠᠰᠢ ᠤᠯᠠᠨ ᠮᠤᠩᠭᠤᠯ ᠲᠦᠪᠡᠳ ᠵᠤᠬᠢᠶᠠᠯ ᠢ ᠪᠢᠴᠢᠵᠤ ᠲᠤᠭᠤᠷᠪᠢᠵᠤ ᠵᠤᠬᠢᠶᠠᠭᠰᠠᠨ ᠪᠦᠭᠡᠳ | ᠳ᠋ᠠᠨᠵᠤᠤᠷ ᠵᠡᠷᠭᠡ ᠰᠤᠳᠤᠷ ᠨᠤᠮ ᠢ ᠤᠷᠴᠢᠭᠤᠯᠬᠤ ᠠᠵᠢᠯ ᠳᠤ ᠪᠦᠷ ᠭᠤᠤᠯᠯᠠᠨ ᠤᠷᠤᠯᠴᠠᠪᠠ᠃ | ᠭᠤᠮᠪᠤᠵᠠᠪ ᠪᠤᠯ ᠦᠵᠦᠮᠦᠴᠢᠨ ᠲᠡᠳᠦᠢ ᠦᠭᠡᠢ ᠪᠦᠭᠦ ᠭᠦᠷᠦᠨ ᠢ ᠲᠤᠷᠬᠢᠭᠤᠯᠤᠭᠰᠠᠨ ᠠᠯᠳᠠᠷᠳᠤ ᠲᠡᠤᠭᠡᠴᠢ᠂ ᠭᠡᠯᠡᠨ | ᠤ ᠡᠷᠳᠡᠮᠳᠠᠨ᠂ ᠰᠤᠷᠭᠠᠨ ᠭᠦᠮᠦᠵᠢᠯ ᠤᠨ ᠵᠢᠳᠭᠦᠯᠳᠠᠨ᠂ ᠡᠮᠨᠡᠯᠭᠡ ᠶᠢᠨ ᠤᠬᠠᠭᠠᠨᠳᠠᠨ᠂ ᠤᠷᠴᠢᠭᠤᠯᠭ᠎ᠠ ᠶᠢᠨ | ᠤᠬᠠᠭᠠᠨ ᠤ ᠡᠷᠳᠡᠮᠳᠠᠨ ᠮᠦᠨ᠃ ᠦᠵᠦᠮᠦᠴᠢᠨ ᠤ ᠪᠢᠴᠢᠭ ᠤᠨ ᠰᠤᠶᠤᠯ ᠤᠨ ᠲᠡᠤᠭᠡᠨ ᠳᠠᠬᠢ ᠭᠠᠷᠮᠠᠭᠠᠢ | ᠲᠦᠯᠦᠭᠡᠯᠡᠭᠴᠢ᠂ ᠬᠢᠯᠠᠯᠵᠠᠭᠰᠠᠨ ᠤᠳᠤ ᠮᠦᠨ᠃ ᠲᠡᠷᠡ ᠪᠤᠯ ᠲᠡᠯᠡᠭᠡᠢ ᠨᠠᠶᠢᠳᠠ ᠶᠢᠨ ᠮᠡᠳᠡᠷᠡᠳᠡᠭ ᠮᠠᠨᠵᠤ᠂ ᠮᠤᠩᠭᠤᠯ | ᠂ ᠲᠦᠪᠡᠳ᠂ ᠰᠠᠨᠰᠠᠺᠠᠷᠲ᠂ ᠬᠢᠳᠠᠳ ᠲᠠᠪᠤᠨ ᠭᠡᠯᠡᠨ ᠳᠤ ᠭᠦᠨ ᠨᠡᠪᠳᠡᠷᠡᠭᠰᠡᠨ ᠨᠡᠷᠡᠳᠤ ᠡᠷᠳᠡᠮᠳᠠᠨ ᠪᠤᠯᠬᠤ ᠶᠤᠮ᠃ | ︵︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠭᠦ ᠤᠬᠠᠭᠠᠨ︾᠂ 1991᠂ 4 ᠳ᠋ᠤᠭᠡᠷ︶ | ᠲᠦᠷᠪᠡ᠂ ᠭᠦᠤᠰᠢ ᠯᠤᠪᠰᠠᠨᠳᠠᠨᠵᠢᠨ | ᠭᠦᠤᠰᠢ ᠯᠤᠪᠰᠠᠨᠳᠠᠨᠵᠢᠨ ᠪᠤᠯ ᠦᠵᠦᠮᠦᠴᠢᠨ ᠵᠡᠭᠦᠨ ᠭᠠᠷ ᠬᠤᠰᠢᠭᠤᠨ ᠤ ᠭᠦᠮᠦᠨ᠃ ᠴᠡᠪᠳᠠᠨ ᠪᠠᠶᠢᠯ᠎ᠡ | ᠸᠠᠩ ᠤᠨ ᠦᠶ᠎ᠡ ᠳᠤ ᠠᠮᠢᠳᠤᠷᠠᠵᠤ ᠪᠠᠶᠢᠭᠰᠠᠨ ᠪᠤᠯᠬᠤᠷ ︽ᠦᠵᠦᠮᠦᠴᠢᠨ ᠴᠠᠪᠳᠠᠨ ᠪᠠᠶᠢᠯ᠎ᠠ ᠶᠢᠨ ᠬᠤᠰᠢᠭᠤᠨ ᠤ | ᠯᠤᠪᠰᠠᠨᠳᠠᠨᠵᠢᠨ︾ ᠭᠡᠵᠤ ᠲᠠᠶᠠᠭᠠᠷ ᠲᠤ ᠠᠯᠳᠠᠷᠰᠢᠵᠠᠢ᠃ | ᠯᠤᠪᠰᠠᠨᠳᠠᠨᠵᠢᠨ᠂ 18 ᠳ᠋ᠤᠭᠠᠷ ᠵᠠᠭᠤᠨ ᠳᠤ ᠪᠡᠭᠡᠵᠢᠩ ᠳᠤ ᠤᠴᠢᠵᠤ ︽ᠳ᠋ᠠᠨᠵᠤᠤᠷ ᠤᠨ ᠤᠷᠴᠢᠭᠤᠯᠭ᠎ᠠ︾ | ᠶᠢᠨ ᠠᠵᠢᠯ ᠳᠤ ᠤᠷᠤᠯᠴᠠᠨ ᠨᠡᠷ᠎ᠡ ᠭᠠᠷᠤᠭᠰᠠᠨ ᠪᠠᠶᠢᠵᠠᠢ᠃ ᠲᠡᠷᠡ ᠪᠤᠯ ᠯᠤ ︽ᠠᠯᠳᠠᠨ ᠲᠤᠪᠴᠢ︾ ᠶᠢ | ᠵᠤᠬᠢᠶᠠᠭᠰᠠᠨ ᠵᠤᠬᠢᠶᠠᠭᠴᠢ ᠪᠤᠯᠬᠤ ᠪᠤᠯᠤᠯᠴᠠᠭ᠎ᠠ ᠪᠦᠭᠦᠢ ᠭᠦᠮᠦᠨ ᠤ ᠬᠠᠮᠤᠭ ᠤᠨ ᠲᠡᠷᠢᠭᠦᠨ ᠳᠤ ᠵᠢᠱᠢᠭᠳᠡᠭᠰᠡᠨ | ᠭᠤᠤᠯ ᠭᠦᠮᠦᠨ ᠮᠦᠨ᠃ | ᠡᠶᠢᠮᠤ ᠠᠴᠠ ᠲᠡᠷᠡ ᠦᠵᠦᠮᠦᠴᠢᠨ ᠤ ᠪᠢᠴᠢᠭ ᠤᠨ ᠰᠤᠶᠤᠯ ᠤᠨ ᠠᠯᠳᠠᠷᠳᠤ ᠡᠷᠳᠡᠮᠳᠡᠳ ᠤᠨ ᠴᠢᠬᠤᠯᠠ ᠨᠢᠭᠡ ᠨᠢ | ᠮᠦᠨ᠃ | ᠲᠠᠪᠤ᠂ ᠦᠵᠦᠮᠦᠴᠢᠨ ᠷᠠᠪᠵᠢᠮᠪᠠ ᠲᠠᠨᠵᠢᠨᠳᠠᠬᠸᠠ | ᠲᠠᠨᠵᠢᠨᠳᠠᠭᠸᠠ ᠶᠢ ᠲᠡᠤᠭᠡᠨ ᠳᠤ ᠪᠠᠰᠠ ᠲᠠᠨᠽᠢᠨᠷᠠᠬᠸᠠ ᠭᠡᠵᠤ ᠲᠡᠮᠳᠡᠭᠯᠡᠳᠡᠭ᠃ ᠲᠡᠷᠡ ᠦᠵᠦᠮᠦᠴᠢᠨ | ᠪᠠᠷᠠᠭᠤᠨ ᠭᠠᠷ ᠬᠤᠰᠢᠭᠤᠨ ᠤ ᠯᠠᠮᠠ ᠶᠢᠨ ᠭᠦᠷᠢᠶ᠎ᠡ ᠰᠦᠮ᠎ᠠ ᠶᠢᠨ ᠭᠦᠮᠦᠨ᠃ 18 ᠳ᠋ᠤᠭᠠᠷ ᠵᠠᠭᠤᠨ ᠳᠤ | ᠠᠮᠢᠳᠤᠷᠠᠵᠤ ᠪᠠᠶᠢᠵᠠᠢ᠃ | ᠲᠠᠨᠵᠢᠨᠳᠠᠭᠸᠠ ︽ᠵᠢᠷᠤᠭᠡᠨ ᠲᠤᠯᠳᠤ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ | ᠤᠭᠳᠠᠷᠭᠤᠢ ᠶᠢᠨ ᠮᠠᠨᠢ︾ ᠭᠡᠳᠡᠭ ᠠᠯᠳᠠᠷᠳᠤ ᠵᠤᠬᠢᠶᠠᠯ ᠢ ᠪᠢᠴᠢᠵᠤ ᠭᠠᠳᠠᠭᠠᠳᠤ ᠲᠤᠳᠤᠭᠠᠳᠤ ᠳᠤ ᠠᠯᠳᠠᠷᠰᠢᠵᠠᠢ᠃ | ᠵᠢᠷᠭᠤᠭ᠎ᠠ᠂ ᠱᠠᠳᠤᠷᠤᠪ ᠳ᠋ᠠᠮᠪᠢᠵᠠᠯᠰᠠᠨ ᠬᠤᠪᠢᠯᠭᠠᠨ | ᠱᠠᠳᠤᠷᠤᠪ ᠳ᠋ᠠᠮᠪᠢᠵᠠᠯᠰᠠᠨ ᠬᠤᠪᠢᠯᠭᠠᠨ ᠪᠤᠯ ᠦᠵᠦᠮᠦᠴᠢᠨ ᠪᠠᠷᠠᠭᠤᠨ ᠭᠠᠷ ᠬᠤᠰᠢᠭᠤᠨ ᠤ ᠵᠢᠭᠠᠰᠤᠳᠠᠢ ᠶᠢᠨ | ᠭᠤᠤᠯ ᠳᠤ ᠢᠯᠡᠷᠡᠭᠰᠡᠨ ᠢᠨᠵᠠᠭᠠᠨ ᠰᠦᠮ᠎ᠠ ᠶᠢᠨ ᠲᠦᠷᠪᠡᠳᠦᠭᠡᠷ ᠦᠶ᠎ᠡ ᠶᠢᠨ ᠬᠤᠪᠢᠯᠭᠠᠨ ᠪᠯᠠᠮ᠎ᠠ ᠪᠤᠯᠤᠨ᠎ᠠ᠃ | 1824 —1856 ᠤᠨ ᠭᠦᠷᠳᠡᠯ᠎ᠡ ᠠᠮᠢᠳᠤᠷᠠᠵᠤ ᠪᠠᠶᠢᠵᠠᠢ᠃ | ᠱᠠᠳᠤᠷᠤᠪ ᠳ᠋ᠠᠮᠪᠢᠵᠠᠯᠰᠠᠨ ᠬᠤᠪᠢᠯᠭᠠᠨ ᠢ ︽ᠦᠵᠦᠮᠦᠴᠢᠨ ᠬᠤᠰᠢᠭᠤᠨ ᠤ ᠬᠤᠪᠢᠯᠭᠠᠨ ᠵᠢᠭ᠍ᠮᠢᠳᠳᠠᠨᠽᠠᠨᠵᠠᠮᠰᠤ | ᠶᠢᠨ ᠲᠡᠤᠭᠡ ᠤᠷᠤᠰᠢᠪᠠᠢ︾ ᠭᠡᠮᠡᠭᠦ ᠰᠤᠳᠤᠷ ᠲᠤ᠄ ︽ᠶᠡᠭᠡ ᠪᠠᠭ᠎ᠠ ᠠᠷᠪᠠᠨ ᠤᠬᠠᠭᠠᠨ ᠤ ᠤᠷᠤᠨ᠂ ᠲᠠᠪᠤᠨ ᠪᠤᠳᠢ᠂ | ᠲᠠᠨᠳᠠᠷᠠ ᠶᠢᠨ ᠲᠦᠷᠪᠡᠨ ᠠᠶᠢᠮᠠᠭ᠂ ᠰᠤᠳᠤᠷ ᠲᠠᠷᠨᠢ ᠵᠡᠷᠭᠡ ᠤᠯᠠᠨ ᠶᠤᠰᠤ ᠶᠢ ᠦᠭᠦᠯᠡᠭᠴᠢ ᠮᠡᠷᠭᠡᠨ ᠤ ᠦᠵᠦᠭᠦᠷ | ᠲᠤ ᠭᠠᠷᠪᠠ ᠁ ᠰᠢᠷ᠎ᠠ ᠵᠢᠷᠤᠬᠠᠢ ᠶᠢᠨ ᠲᠤᠭᠠᠯᠠᠯ ᠨᠡᠮᠡᠵᠤ ᠬᠠᠰᠤᠬᠤ᠂ ᠱᠠᠰᠳᠢᠷ ︿ᠴᠡᠴᠡᠭ ᠤᠨ ᠪᠠᠭᠯᠠᠭ᠎ᠠ﹀ | ᠭᠡᠮᠡᠭᠦ ᠶᠢ ᠵᠤᠬᠢᠶᠠᠭᠰᠠᠨ︾ ᠭᠡᠵᠤ ᠲᠡᠮᠳᠡᠭᠯᠡᠵᠠᠢ᠃ | ᠡᠭᠦᠨ ᠠᠴᠠ ᠦᠵᠡᠭᠦ ᠳᠤ᠂ ᠱᠠᠳᠤᠷᠤᠪ ᠳ᠋ᠠᠮᠪᠢᠵᠠᠯᠰᠠᠨ ᠬᠤᠪᠢᠯᠭᠠᠨ ᠪᠤᠯ ᠭᠦᠮᠪᠦᠮ ᠭᠡᠶᠢᠳ ᠤᠨ ᠡᠷᠳᠡᠮᠳᠠᠳ | ᠠᠴᠠ ᠪᠠᠨ ᠭᠡᠳᠦᠶᠢᠳᠦᠭᠰᠡᠨ ᠡᠷᠳᠡᠮᠳᠠᠨ ᠪᠠᠶᠢᠵᠠᠢ᠃ ᠲᠡᠷᠡ 1856 ᠤᠨ ᠳᠤ 33 ᠨᠠᠰᠤᠳᠠᠢ ᠢᠨᠵᠠᠭᠠᠨ ᠰᠦᠮ᠎ᠠ | ᠳᠡᠭᠡᠨ ᠲᠠᠭᠠᠯᠠᠯ ᠲᠡᠭᠦᠰᠦᠭᠰᠡᠨ ᠪᠠᠶᠢᠨ᠎ᠠ᠃ | ᠲᠤᠯᠤᠭ᠎ᠠ᠂ ᠵᠢᠮᠪᠠ ᠷᠠᠪᠵᠢᠮᠪᠠ | ᠵᠢᠮᠪᠠ ᠷᠠᠪᠵᠢᠮᠪᠠ ᠪᠤᠯ ᠦᠵᠦᠮᠦᠴᠢᠨ ᠪᠠᠷᠠᠭᠤᠨ ᠭᠠᠷ ᠬᠤᠰᠢᠭᠤᠨ ᠤ ᠬᠤᠭᠤᠯᠠᠳᠤ ᠰᠦᠮ᠎ᠠ ᠶᠢᠨ ᠬᠤᠸᠠᠷᠠᠭ | ᠪᠤᠯᠤᠨ᠎ᠠ᠃ ᠲᠡᠷᠡ ᠦᠵᠦᠮᠦᠴᠢᠨ ᠰᠤᠳᠨᠠᠮᠷᠠᠪᠳᠠᠨ ᠴᠢᠨ ᠸᠠᠩ ᠤᠨ ᠦᠶ᠎ᠡ ᠳᠤ᠂ 20 ᠳ᠋ᠤᠭᠠᠷ ᠵᠠᠭᠤᠨ ᠤ ᠲᠡᠭᠡᠳᠦ | ᠬᠠᠭᠠᠰ ᠲᠤ ᠠᠮᠢᠳᠤᠷᠠᠵᠤ ᠪᠠᠶᠢᠵᠠᠢ᠃ | ᠵᠢᠮᠪᠠ ᠷᠠᠪᠵᠢᠮᠪᠠ ᠪᠤᠯ ᠦᠨᠳᠤᠷ ᠡᠷᠳᠡᠮ᠂ ᠦᠷᠭᠡᠨ ᠮᠡᠳᠡᠯᠭᠡ ᠲᠠᠢ ᠮᠤᠩᠭᠤᠯ ᠲᠦᠪᠡᠳ ᠪᠢᠴᠢᠭ ᠤᠨ ᠡᠷᠳᠡᠮᠳᠠᠨ | ᠪᠠᠶᠢᠪᠠ᠃ ᠲᠡᠷᠡ 1936 ᠤᠨ ᠳᠤ ᠰᠤᠳᠨᠠᠮᠷᠠᠪᠳᠠᠨ ᠴᠢᠨ ᠸᠠᠩ ᠢ ᠨᠠᠰᠤ ᠨᠦᠭᠴᠢᠭᠰᠡᠨ ᠤ ᠲᠠᠷᠠᠭ᠎ᠠ᠂ ᠲᠡᠭᠦᠨ ᠤ | ᠲᠡᠤᠭᠡ ᠶᠢ ︽ᠱᠠᠰᠢᠨ ᠤ ᠦᠭᠯᠢᠭᠡ ᠶᠢᠨ ᠡᠵᠡᠨ ᠴᠢᠨ ᠸᠠᠩ ᠰᠤᠳᠨᠠᠮᠷᠠᠪᠳᠠᠨ ᠤ ᠨᠠᠮᠳᠠᠷ ᠴᠠᠭᠠᠨ ᠰᠤᠪᠤᠳ ᠡᠷᠢᠭᠡ | ᠭᠡᠮᠡᠭᠦ ᠤᠷᠤᠰᠢᠪᠠᠢ︾ ᠭᠡᠰᠡᠨ ᠭᠠᠷᠴᠠᠭ ᠢᠶᠠᠷ ᠲᠦᠪᠡᠳ ᠭᠡᠯᠡ ᠪᠠᠷ ᠪᠢᠴᠢᠵᠠᠢ᠃ | ᠨᠠᠢᠮᠠ᠂ ᠭᠠᠮᠠᠯᠠ ᠵᠠᠬᠢᠷᠤᠭᠴᠢ | ᠭᠠᠮᠠᠯᠠ ᠵᠠᠬᠢᠷᠤᠭᠴᠢ ᠪᠤᠯ ᠦᠵᠦᠮᠦᠴᠢᠨ ᠵᠡᠭᠦᠨ ᠭᠠᠷ ᠬᠤᠰᠢᠭᠤᠨ ᠤ ᠭᠦᠮᠦᠨ᠃ 20 ᠳ᠋ᠤᠭᠠᠷ ᠵᠠᠭᠤᠨ ᠤ | ᠲᠡᠭᠡᠳᠦ ᠬᠠᠭᠠᠰ ᠲᠤ ᠠᠮᠢᠳᠤᠷᠠᠵᠤ᠂ ᠬᠤᠰᠢᠭᠤ ᠵᠠᠬᠢᠷᠤᠭᠴᠢ ᠶᠢᠨ ᠠᠯᠪᠠᠨ ᠲᠤᠰᠢᠶᠠᠯ ᠳᠤ ᠭᠦᠷᠴᠠᠢ᠃ ᠲᠡᠷᠡ ᠪᠤᠯ | ᠦᠵᠦᠮᠦᠴᠢᠨ ᠤ ᠲᠡᠤᠭᠡᠨ ᠳᠠᠬᠢ ᠠᠯᠳᠠᠷᠳᠤ ᠢᠷᠠᠭᠤ ᠨᠠᠶᠢᠷᠠᠭᠴᠢ ᠮᠦᠨ᠃ ᠲᠡᠭᠦᠨ ᠤ ᠵᠤᠬᠢᠶᠠᠯ ᠪᠦᠳᠦᠭᠡᠯ ᠨᠢ ᠠᠯᠢ | ᠡᠷᠳᠠ ᠮᠤᠩᠭᠤᠯ ᠤᠯᠤᠰ ᠤᠨ ᠴ᠊ ᠲᠠᠮᠳᠢᠨᠰᠦ᠋ᠷᠦᠩ ᠤᠨ ︽ᠵᠠᠭᠤᠨ ᠪᠢᠯᠢᠭ ᠤᠨ ᠲᠡᠭᠡᠵᠢ︾ ᠳᠤ ᠲᠡᠭᠦᠪᠦᠷᠢᠯᠡᠭᠳᠡᠭᠰᠡᠨ | ᠪᠦᠭᠡᠳ ︽ᠭᠠᠮᠠᠯᠠ ᠶᠢᠨ ᠰᠢᠯᠦᠭ︾ ᠭᠡᠰᠡᠨ ᠰᠢᠯᠦᠭ ᠤᠨ ᠲᠡᠭᠦᠪᠦᠷᠢ ᠨᠢ ︽ᠮᠤᠩᠭᠤᠯ ᠲᠤᠯᠭᠤᠷ ᠪᠢᠴᠢᠭ ᠤᠨ | ᠴᠤᠪᠤᠷᠠᠯ︾ ᠢᠶᠠᠷ ᠭᠡᠪᠯᠡᠭᠳᠡᠭᠰᠡᠨ ᠪᠠᠶᠢᠨ᠎ᠠ᠃ | ᠶᠢᠰᠦ᠂ ᠲᠤᠶᠢᠩᠺᠡᠷ | ᠮᠤᠩᠭᠤᠯ ᠦᠨᠳᠤᠰᠦᠳᠠᠨ ᠤ ᠤᠷᠴᠢᠨ ᠦᠶ᠎ᠡ ᠶᠢᠨ ᠲᠠᠪᠰᠢᠩᠭᠤᠢ ᠢᠷᠠᠭᠤ ᠨᠠᠶᠢᠷᠠᠭᠴᠢ᠂ ᠰᠢᠯᠭᠠᠷᠠᠭᠰᠠᠨ | ᠤᠨᠢᠰᠤᠭ᠎ᠠ ᠶᠢᠨ ᠵᠤᠬᠢᠶᠠᠯᠴᠢ᠂ ᠰᠤᠷᠭᠠᠨ ᠭᠦᠮᠦᠵᠢᠯ ᠤᠨ ᠵᠢᠳᠭᠦᠯᠳᠠᠨ ᠲᠤᠶᠢᠳᠺᠠᠷ᠂ ᠠᠷᠪᠠᠨ ᠲᠦᠷᠪᠡᠳᠦᠭᠡᠷ | ᠷᠠᠪᠵᠤᠩ ᠤᠨ ᠤᠯᠠᠭᠠᠨ ᠯᠤᠤ ᠵᠢᠯ ︵1856 ᠤᠨ︶᠂ ᠤᠤᠯ ᠤᠨ ᠰᠢᠯᠢ ᠶᠢᠨ ᠭᠤᠤᠯ ᠴᠢᠭᠤᠯᠭᠠᠨ ᠤ | ᠦᠵᠦᠮᠦᠴᠢᠨ ᠪᠠᠷᠠᠭᠤᠨ ᠬᠤᠰᠢᠭᠤᠨ ᠤ ᠠᠷᠪᠠᠳᠤᠭᠠᠷ ᠦᠶ᠎ᠡ ᠶᠢᠨ ᠬᠤᠱᠤᠢ ᠰᠡᠴᠠᠨ ᠴᠢᠨ ᠸᠠᠩ ᠫᠤᠩᠰᠤᠭᠨᠠᠮᠵᠢᠯ ᠤᠨ | ᠠᠴᠢ ᠭᠦᠪᠡᠭᠦᠨ ᠪᠤᠯᠤᠨ ᠵᠠᠶᠠᠭᠠᠵᠠᠢ᠃ | ᠲᠡᠭᠦᠨ ᠤ ᠵᠤᠬᠢᠶᠠᠯ ᠪᠦᠳᠦᠭᠡᠯ ᠢ ᠠᠭᠤᠯᠭ᠎ᠠ ᠪᠠᠷ ᠨᠢ ᠲᠦᠭᠦᠮ ᠠᠩᠬᠢᠯᠠᠪᠠᠯ ᠶᠡᠭᠡ ᠲᠦᠯᠦᠪ᠄ ᠰᠤᠷᠭᠠᠨ | ᠭᠦᠮᠦᠵᠢᠯ ᠤᠨ ᠤᠨᠴᠠᠯᠢᠭ ᠤᠶᠢᠯᠠᠳᠤᠯ ᠲᠠᠢ ᠪᠢᠯᠢᠭ ᠰᠤᠷᠭᠠᠯ ᠤᠨ ᠰᠢᠯᠦᠭ᠂ ︽ᠰᠠᠶᠢᠨ ᠦᠭᠡᠰ ᠤᠨ ᠰᠤᠷᠭᠠᠯ︾ | ᠲᠠᠪᠢᠨ ᠪᠠᠳᠠᠭ᠂ ︽ᠵᠢᠷᠭᠠᠯᠠᠩᠳᠤ ᠨᠠᠢᠮᠠᠨ ᠮᠤᠷᠢᠨ ᠤ ᠮᠠᠭᠳᠠᠭᠠᠯ︾᠂ ︽ᠭᠡᠷ ᠤᠨ ᠢᠷᠦᠭᠡᠯ︾᠂ ︽ᠠᠷᠢᠭᠢᠨ ᠤ | ᠦᠭᠡ︾᠂ ︽ᠬᠤᠷᠢᠮ ᠤᠨ ᠭᠡᠯᠡᠮᠤᠷ︾᠂ ︽ᠢᠨᠵᠢ ᠶᠢᠨ ᠲᠠᠩᠰᠠ ᠲᠠᠭᠤᠳᠠᠯᠭ᠎ᠠ︾ ᠵᠡᠷᠭᠡ ᠪᠤᠢ᠃ ᠤᠨᠢᠰᠤᠭ᠎ᠠ | ᠲᠠᠭᠠᠪᠤᠷᠢ ᠶᠢᠨ ᠵᠤᠬᠢᠶᠠᠯ ᠨᠢ ᠵᠠᠭᠤ ᠬᠤᠷᠢᠭᠠᠳ ᠪᠠᠳᠠᠭ ᠤᠯᠳᠠᠭᠠᠳ ᠪᠠᠶᠢᠬᠤ ᠪᠦᠭᠡᠳ ᠨᠡᠩ ᠤᠯᠠᠨ ᠰᠢᠯᠢᠳᠡᠭ | ᠵᠤᠬᠢᠶᠠᠯ ᠪᠦᠳᠦᠭᠡᠯ ᠪᠠᠶᠢᠭᠰᠠᠨ ᠪᠦᠭᠡᠳ ᠬᠤᠵᠢᠮ ᠤᠯᠳᠠᠵᠤ ᠴᠦ ᠮᠡᠳᠡᠭᠦ ᠶᠤᠮ᠃ | ᠤᠷᠴᠢᠨ ᠦᠶ᠎ᠡ ᠶᠢᠨ ᠮᠤᠩᠭᠤᠯ ᠦᠨᠳᠤᠰᠦᠳᠠᠨ ᠤ ᠲᠠᠪᠰᠢᠩᠭᠤᠢ ᠨᠠᠶᠢᠷᠠᠭᠴᠢ᠂ ᠰᠢᠯᠭᠠᠷᠠᠭᠰᠠᠨ ᠤᠨᠢᠰᠤᠭ᠎ᠠ | ᠶᠢᠨ ᠵᠤᠬᠢᠶᠠᠯᠴᠢ ᠲᠤᠶᠢᠩᠺᠠᠷ᠂ ᠨᠢᠭᠡ ᠨᠠᠰᠤᠨ ᠳᠠᠭᠠᠨ ᠤᠯᠠᠨ ᠠᠷᠪᠢᠨ ᠪᠢᠯᠢᠭ ᠰᠤᠷᠭᠠᠯ᠂ ᠤᠨᠢᠰᠤᠭ᠎ᠠ᠂ ᠢᠷᠤᠭᠡᠯ | ᠮᠠᠭᠳᠠᠭᠠᠯ ᠪᠢᠴᠢᠵᠤ ᠦᠷ᠎ᠠ ᠬᠤᠶᠢᠴᠢ ᠳᠠᠭᠠᠨ ᠦᠯᠡᠳᠡᠭᠡᠨ᠂ ᠠᠷᠪᠠᠨ ᠲᠠᠪᠤᠳᠤᠭᠠᠷ ᠷᠠᠪᠵᠤᠩ ᠤᠨ ᠴᠠᠭᠠᠨ ᠪᠠᠴᠢᠨ | ᠵᠢᠯ ᠤᠨ ᠦᠶ᠎ᠡ ᠪᠠᠷ ᠵᠢᠷᠠᠨ ᠭᠡᠳᠦᠨ ᠨᠠᠰᠤᠨ ᠳᠠᠭᠠᠨ ᠦᠭᠡᠳᠠ ᠪᠤᠯᠵᠠᠢ᠃ | ᠠᠷᠪᠠ᠂ ᠬᠢᠯᠵᠢᠨᠳᠠᠢ | ᠮᠤᠩᠭᠤᠯ ᠦᠨᠳᠤᠰᠦᠳᠠᠨ ᠤ ᠰᠤᠷᠭᠠᠨ ᠭᠦᠮᠦᠵᠢᠯ ᠤᠨ ᠤᠬᠠᠭᠠᠨᠳᠠᠨ᠂ ᠲᠤᠯᠢᠴᠢ᠂ ᠭᠡᠯᠡ ᠰᠢᠨᠵᠢᠯᠡᠯ ᠤᠨ | ᠡᠷᠳᠡᠮᠳᠠᠨ ᠪᠤᠯᠤᠨ᠎ᠠ᠃ ᠲᠡᠷᠡ ᠠᠷᠪᠠᠨ ᠲᠠᠪᠤᠳᠤᠭᠠᠷ ᠷᠠᠪᠵᠤᠩ ᠤᠨ ᠭᠦᠭᠡᠭᠴᠢᠨ ᠮᠤᠭᠠᠢ ᠵᠢᠯ ︵1905 ᠤᠨ︶ | ᠳᠤ ᠪᠠᠷᠠᠭᠤᠨ ᠦᠵᠦᠮᠦᠴᠢᠨ ᠬᠤᠰᠢᠭᠤᠨ ᠤ ᠤᠤᠯ ᠤᠨ ᠪᠠᠷᠠᠭᠤᠨ ᠰᠢᠷᠠᠨᠤᠳ ᠰᠤᠮᠤᠨ ᠤ ᠭᠡᠪᠳᠡᠭᠦᠯ ᠤᠪᠤᠭᠳᠤ | ᠴᠢᠯᠠᠭᠤᠨᠪᠠᠭᠠᠳᠤᠷ ᠤᠨ ᠭᠦᠪᠡᠭᠦᠨ ᠪᠤᠯᠤᠨ ᠵᠠᠶᠠᠭᠠᠵᠠᠢ᠃ | ᠬᠢᠯᠵᠢᠨᠳᠠᠢ ᠭᠤᠸᠠᠢ ᠭᠡᠳᠦᠨ ᠦᠨᠳᠤᠰᠦᠳᠠᠨ ᠤ ᠭᠡᠯᠡ ᠶᠢ ᠨᠡᠪᠳᠡᠷᠭᠡᠢ ᠮᠡᠳᠡᠳᠡᠭ᠂ ᠰᠤᠷᠭᠠᠨ ᠭᠦᠮᠦᠵᠢᠯ ᠤᠨ | ᠤᠬᠠᠭᠠᠨᠳᠠᠨ᠂ ᠲᠤᠯᠢᠴᠢ᠂ ᠭᠡᠯᠡ ᠰᠢᠨᠵᠢᠯᠡᠯ ᠤᠨ ᠡᠷᠳᠡᠮᠳᠠᠨ ᠪᠤᠯᠬᠤ ᠪᠠᠷ ᠦᠯᠦ ᠪᠠᠷᠠᠨ᠂ ᠪᠠᠰᠠ ᠡᠮ ᠪᠠᠷᠢᠬᠤ᠂ | ᠵᠢᠷᠤᠭ ᠵᠢᠷᠤᠬᠤ ᠤᠯᠠᠨ ᠲᠠᠯ᠎ᠠ ᠶᠢᠨ ᠠᠪᠢᠶᠠᠰ ᠴᠢᠳᠠᠪᠤᠷᠢ ᠲᠠᠢ ᠰᠢᠯᠭᠠᠷᠠᠭᠰᠠᠨ ᠰᠡᠭᠡᠭᠡᠳᠠᠨ ᠪᠠᠶᠢᠵᠠᠢ᠃ ᠡᠨᠡ ᠶᠡᠭᠡ | ᠡᠷᠳᠡᠮᠳᠠᠨ ᠤ ᠦᠯᠡᠳᠡᠭᠡᠭᠰᠡᠨ ᠪᠦᠳᠦᠭᠡᠯ ᠭᠡᠳᠦᠶᠢᠪᠠᠷ ᠮᠠᠨᠤᠰ ᠤᠨ ᠭᠠᠷ ᠲᠤ ᠪᠦᠷᠢᠨ ᠤᠯᠳᠠᠭᠰᠠᠨ ᠦᠭᠡᠢ ᠪᠤᠯᠪᠠᠴᠦ | ︽ᠮᠤᠩᠭᠤᠯ ᠨᠠᠩᠬᠢᠶᠠᠳ ᠦᠰᠦᠭ ᠤᠨ ᠲᠤᠯᠢ︾᠂ ︽ᠮᠤᠩᠭᠤᠯ ᠤᠨ ᠦᠰᠦᠭ ᠢ ᠰᠢᠨ᠎ᠠ ᠠᠷᠭ᠎ᠠ ᠪᠠᠷ ᠬᠢᠯᠪᠠᠷ | ᠲᠦᠷᠭᠡᠨ ᠰᠤᠷᠭᠠᠬᠤ ᠪᠢᠴᠢᠭ︾᠂ ︽ᠬᠢᠯᠵᠢᠨᠳᠠᠢ ᠶᠢᠨ ᠡᠮᠬᠢᠳᠭᠡᠯ ᠲᠡᠪᠳᠡᠷ︾ ︵ᠭᠡᠳᠦᠨ ᠲᠦᠮᠡᠨ ᠦᠰᠦᠭ ᠲᠠᠢ | ᠬᠤᠶᠠᠷ ᠢᠵᠢ ᠲᠡᠪᠳᠡᠷ︶᠂ ︽ᠮᠤᠩᠭᠤᠯ ᠦᠭᠡᠨ ᠤ ᠪᠦᠳᠦᠴᠠ ᠶᠢᠨ ᠲᠤᠪᠴᠢ ᠲᠦᠷᠢᠮ︾᠂ ︽ᠬᠤᠵᠢᠮ ᠤᠨ | ᠦᠶ᠎ᠡ ᠤᠯᠠᠷᠢᠨ ᠤ ᠦᠷ᠎ᠡ ᠠᠴᠢᠨᠠᠷ ᠲᠠᠭᠠᠨ ᠦᠯᠡᠳᠡᠭᠡᠭᠦ ᠭᠡᠷᠢᠶᠠᠰ ᠤᠨ ᠦᠭᠡ︾᠂ ︽ᠮᠤᠩᠭᠤᠯ ᠦᠭᠡᠨ ᠤ ᠰᠠᠨᠠᠯ ᠢ | ᠲᠠᠶᠢᠯᠪᠤᠷᠢᠯᠠᠭᠰᠠᠨ ᠲᠤᠯᠢ ᠶᠢᠨ ᠤᠳᠤᠷᠢᠳᠬᠠᠯ︾᠂ ︽ᠲᠦᠮᠡᠨ ᠦᠰᠦᠭ ᠤᠨ ᠲᠠᠶᠢᠯᠪᠤᠷᠢ︾ ᠪᠠ ᠲᠡᠭᠦᠨ ᠤ ︽ | ᠤᠷᠤᠰᠢᠯ︾ ᠵᠡᠷᠭᠡ ᠨᠤᠮ ᠲᠡᠪᠳᠡᠷ ᠵᠢᠴᠢ ︽ᠠᠭᠤᠤ ᠶᠡᠭᠡ᠂ ᠦᠩᠭᠡ ᠭᠡᠷᠡᠯᠳᠠᠢ᠂ ᠵᠦᠪ ᠤᠨᠤᠪᠴᠢᠳᠠᠢ ᠡᠪ | ᠬᠠᠮᠳᠤᠴᠤᠳ︾᠂ ︽ᠠᠭᠤᠤ ᠶᠡᠭᠡ ᠪᠦᠯᠭᠦᠮᠳᠠᠯ ᠪᠠ ᠨᠦᠭᠦᠷᠯᠡᠯ︾ ᠵᠡᠷᠭᠡ ᠤᠯᠠᠨ ᠨᠤᠮ ᠪᠢᠴᠢᠭ ᠢ ᠤᠷᠴᠢᠭᠤᠯᠤᠨ | ᠭᠡᠪᠯᠡᠭᠦᠯᠦᠭᠰᠡᠨ ᠪᠠᠶᠢᠨ᠎ᠠ᠃ | ᠲᠡᠭᠡᠷ᠎ᠡ ᠦᠭᠦᠯᠡᠭᠰᠡᠨ ᠦᠵᠦᠮᠦᠴᠢᠨ ᠤ ᠲᠡᠤᠭᠡᠨ ᠲᠡᠭᠡᠷᠡᠭᠢ ᠪᠢᠴᠢᠭ ᠤᠨ ᠰᠤᠶᠤᠯ ᠤᠨ ᠡᠷᠳᠡᠮᠳᠠᠨ ᠪᠤᠯ ᠪᠦᠷ | ᠲᠤᠳᠤᠭᠠᠳᠤ ᠭᠠᠳᠠᠭᠠᠳᠤ ᠳᠤ ᠪᠠ ᠲᠡᠤᠭᠡ ᠶᠢᠨ ᠨᠡᠷᠡᠳᠤ ᠨᠤᠮ ᠰᠤᠳᠤᠷ ᠲᠤ ᠦᠪᠡᠷ ᠤᠨ ᠵᠤᠬᠢᠶᠠᠯ ᠪᠦᠳᠦᠭᠡᠯ ᠨᠡᠷ᠎ᠡ | ᠠᠯᠳᠠᠷ ᠢᠶᠠᠨ ᠱᠠᠰᠳᠢᠷᠯᠠᠭᠰᠠᠠᠨ ᠦᠵᠦᠮᠦᠴᠢᠨ ᠰᠤᠶᠤᠯ ᠤᠨ ᠵᠢᠳᠭᠦᠯᠳᠠᠳ ᠤᠨ ᠲᠦᠯᠦᠭᠡᠯᠡᠭᠴᠢ ᠲᠡᠳᠦᠢ ᠪᠤᠯᠤᠨ᠎ᠠ᠃ | ᠡᠭᠦᠨ ᠠᠴᠠ ᠭᠠᠳᠠᠨ᠎ᠠ ᠤᠷᠴᠢᠨ ᠦᠶ᠎ᠡ ᠳᠤ ᠢᠷᠡᠳᠡᠯ᠎ᠡ ᠪᠠᠰᠠ ᠠᠬᠸᠠᠩᠭᠠᠯᠰᠠᠩ ︵︽ᠴᠠᠭᠠᠨ ᠯᠢᠩᠬᠤᠸ᠎ᠠ ᠡᠷᠢᠭᠡᠰ︾ | ᠲᠤ︶ ᠭᠠᠯᠰᠠᠩᠯᠾᠠᠸᠠᠩ ︵ᠠᠳᠠᠯᠢ︶ ᠭᠤᠨᠴᠤᠭᠳᠠᠱᠢ ︵ᠠᠳᠠᠯᠢ︶ ᠠᠬᠸᠠᠩᠴᠤᠶᠢᠫᠠᠯ ᠵᠢᠴᠢ ᠯᠤᠪᠰᠠᠨᠳᠠᠨᠽᠠᠨ ᠵᠡᠷᠭᠡ | ᠠᠯᠳᠠᠷᠳᠤ ᠪᠢᠴᠢᠭ ᠤᠨ ᠰᠤᠶ᠋ᠳᠯᠳᠠᠳ ᠭᠠᠷᠤᠭᠰᠠᠨ ᠪᠠᠶᠢᠨ᠎ᠠ᠃ | ᠦᠵᠦᠮᠦᠴᠢᠨ ᠤ ᠪᠢᠴᠢᠭ ᠤᠨ ᠰᠤᠶᠤᠯ ᠤᠨ ᠲᠡᠤᠭᠡ ᠶᠢ ᠬᠠᠶᠢᠨ ᠮᠦᠷᠳᠡᠭᠦ ᠳᠤ᠂ ᠦᠵᠦᠮᠦᠴᠢᠨ ᠤ ᠪᠢᠴᠢᠭ | ᠤᠨ ᠰᠤᠶᠤᠯ 12 — 13 ᠳ᠋ᠤᠭᠠᠷ ᠵᠠᠭᠤᠨ ᠤ ᠦᠶ᠎ᠡ ᠠᠴᠠ ᠦᠨᠳᠤᠰᠦ ᠰᠤᠷᠪᠤᠯᠵᠢ ᠲᠠᠢ᠂ ᠮᠤᠩᠭᠤᠯ ᠤᠨ ᠪᠢᠴᠢᠭ | ᠤᠨ ᠰᠤᠶᠤᠯ ᠤᠨ ᠴᠢᠬᠤᠯᠠ ᠪᠦᠷᠢᠯᠳᠤᠭᠦᠨ ᠮᠦᠨ᠃ ᠲᠡᠷᠡ ᠨᠢ ᠦᠵᠦᠮᠦᠴᠢᠨ ᠲᠡᠤᠭᠡᠨ ᠳᠤ ᠤᠮᠠᠷᠠᠳᠤ ᠶᠤᠸᠠᠨ | ᠤᠯᠤᠰ ᠤᠨ ᠦᠶ᠎ᠡ ᠳᠤ ᠡᠯᠳᠡᠩᠭᠡ ᠵᠡᠷᠭᠡ ᠪᠢᠴᠢᠭ ᠴᠡᠷᠢᠭ ᠤᠨ ᠡᠷᠳᠡᠮᠳᠠᠨ ᠢ ᠮᠡᠨᠳᠤᠯᠡᠭᠦᠯᠵᠤ᠂ 17 — 18 | ᠳ᠋ᠤᠭᠠᠷ ᠵᠠᠭᠤᠨ ᠤ ᠦᠶ᠎ᠡ ᠳᠤ ᠭᠤᠮᠪᠤᠵᠠᠪ ᠭᠦᠩ ᠵᠡᠷᠭᠡ ᠠᠯᠳᠠᠷᠳᠤ ᠡᠷᠳᠡᠮᠳᠠᠨ ᠲᠡᠤᠭᠡᠴᠢᠨ ᠢ ᠪᠤᠶᠢᠵᠢᠭᠤᠯᠵᠤ᠂ ︽ | ᠭᠠᠩᠭ᠎ᠠ ᠶᠢᠨ ᠤᠷᠤᠰᠬᠠᠯ︾ ᠵᠡᠷᠭᠡ ᠤᠯᠤᠰ ᠦᠨᠳᠤᠰᠦᠳᠠᠨ ᠤ ᠲᠡᠤᠭᠡ ᠶᠢ ᠰᠤᠳᠤᠷᠯᠠᠭᠰᠠᠨ ᠮᠤᠩᠭᠤᠯ ᠲᠡᠤᠭᠡ ᠶᠢᠨ | ᠲᠤᠯᠭᠤᠷ ᠪᠢᠴᠢᠭ ᠵᠡᠷᠭᠡ ᠶᠢ ᠠᠮᠢᠯᠠᠭᠤᠯᠵᠠᠢ᠃ ᠡᠭᠦᠨ ᠤ ᠵᠡᠷᠭᠡ ᠪᠠᠷ ᠦᠵᠦᠮᠦᠴᠢᠨ ᠤ ᠪᠢᠴᠢᠭ ᠤᠨ ᠰᠤᠶᠤᠯ | ᠠᠮᠢᠵᠢᠷᠠᠯ ᠤᠨ ᠶᠠᠪᠤᠴᠠ ᠳᠠᠭᠠᠨ ᠭᠡᠯᠡᠨ ᠵᠦᠢ᠂ ᠤᠳᠬ᠎ᠠ ᠵᠤᠬᠢᠶᠠᠯ᠂ ᠡᠮ ᠡᠮᠨᠡᠯᠭᠡ ᠡᠷᠡᠭᠦᠯ ᠬᠠᠮᠠᠭᠠᠯᠠᠯ᠂ ᠬᠠᠤᠯᠢ | ᠲᠦᠷᠢᠮ ᠶᠤᠰᠤ ᠰᠤᠷᠳᠠᠬᠤᠨ᠂ ᠤᠳᠤᠨ ᠤᠷᠤᠨ᠂ ᠠᠭᠠᠷ ᠰᠢᠨᠵᠢᠯᠡᠭᠡᠨ᠂ ᠵᠢᠷᠤᠬᠠᠢ — ᠴᠠᠭ ᠤᠯᠠᠷᠢᠯ ᠤᠨ ᠪᠢᠴᠢᠭ᠂ | ᠲᠠᠩᠽᠢ ᠯᠢᠳ᠋᠂ ᠡᠳ᠋ ᠤᠨ ᠵᠠᠰᠠᠭ ᠤᠨ ᠲᠠᠩᠰᠠ ᠬᠠᠷ᠎ᠠ ᠁ ᠵᠡᠷᠭᠡ ᠪᠦᠭᠦ ᠲᠠᠯ᠎ᠠ ᠪᠠᠷ ᠲᠤᠰ ᠲᠤᠰ ᠢᠶᠠᠷ ᠨᠢ | ᠪᠢᠴᠢᠭᠯᠡᠭᠦ᠂ ᠪᠢᠴᠢᠭ ᠤᠨ ᠰᠤᠶᠤᠯ ᠲᠠᠪᠰᠢᠵᠤ᠂ ᠪᠢᠴᠢᠭᠳᠡᠨ ᠪᠠ ᠪᠢᠴᠢᠭ ᠬᠤᠤᠰ ᠢᠶᠠᠷ ᠮᠠᠨᠳᠤᠵᠠᠢ᠃ ᠨᠠᠩ ᠴᠦ | ᠲᠡᠳᠡᠭᠡᠷ ᠪᠢᠴᠢᠭ ᠤᠨ ᠰᠤᠶᠤᠯᠳᠠᠳ ᠨᠢ ︽ᠦᠵᠦᠮᠦᠴᠢᠨ ᠲᠠᠪᠤᠨ ᠭᠡᠯᠡᠳᠠᠨ︾ ᠭᠡᠵᠤ ᠶᠢᠷᠳᠢᠨᠴᠦ ᠳᠤ | ᠠᠯᠳᠠᠷᠰᠢᠭᠰᠠᠨ ᠨᠢ ᠦᠨᠡᠭᠡᠷ ᠭᠠᠶᠢᠬᠠᠮᠰᠢᠭᠳᠤ ᠲᠡᠤᠭᠡ ᠪᠤᠯᠤᠨ᠎ᠠ᠃ | |