ᠠᠯᠲᠠᠨ ᠣᠨᠠᠭ᠎ᠠ ᠶᠢᠨ ᠦᠯᠢᠭᠡᠷ | | ᠡᠷᠲᠡ ᠤᠷᠢᠳᠤ ᠶᠢᠨ ᠴᠠᠭ ᠲᠤ ᠥᠩ ᠥᠷᠭᠡᠨ ᠦᠵᠦᠮᠦᠴᠢᠨ ᠬᠤᠰᠢᠭᠤᠨ ᠤ ᠲᠠᠩᠰᠤᠭ ᠰᠠᠶᠢᠬᠠᠨ ᠲᠠᠪᠢᠨ ᠤ | ᠨᠣᠲᠤᠭ ᠲᠤ ᠨᠢᠭᠡᠨ ᠠᠯᠲᠠᠨ ᠣᠨᠠᠭ᠎ᠠ ᠪᠠᠶᠢᠵᠠᠢ᠃ ᠲᠤᠰ ᠨᠣᠲᠤᠭ ᠤᠨ ᠨᠠᠰᠣᠲᠠᠶᠢᠴᠤᠳ ᠤᠨ ᠦᠶ᠎ᠡ ᠤᠯᠠᠮᠵᠢᠯᠠᠨ | ᠬᠠᠭᠤᠴᠢᠯᠠᠭᠰᠠᠨ ᠢᠶᠠᠷ ᠠᠯᠲᠠᠨ ᠣᠨᠠᠭ᠎ᠠ ᠨᠢ ᠠᠯᠲᠠᠨ ᠴᠠᠭᠡᠵᠢ ᠲᠠᠢ ᠨᠣᠭᠤᠭᠠᠨ ᠪᠥᠭᠰᠡ ᠲᠠᠢ ︵ᠬᠤᠶᠢᠲᠤ ᠪᠡᠶ᠎ᠡ ᠨᠢ︶ | ᠭᠡᠵᠤ ᠶᠠᠷᠢᠳᠠᠭ ᠮᠥᠷᠲᠡᠭᠡᠨ ᠤᠯᠠᠩᠬᠢ ᠳᠠᠭᠠᠨ ᠵᠢᠷᠦᠬᠡ ᠶᠢᠨ ᠠᠷᠤ ᠶᠢᠨ ᠭᠤᠣᠯ᠂ ᠣᠨᠠᠭ᠎ᠠ ᠶᠢᠨ ᠣᠪᠣᠭᠠᠨ ᠡᠩᠭᠡᠷ᠂ | ᠴᠢᠨᠳᠠᠮᠤᠨᠢᠳᠤ ᠶᠢᠨ ᠬᠤᠰᠢᠭᠤ ᠠᠷᠣ ᠪᠠᠷ ᠲᠤᠭᠲᠠᠵᠤ᠂ ᠬᠠᠶᠠ ᠵᠠᠷᠢᠮ ᠳᠠᠭᠠᠨ ᠠᠳᠤᠭᠤ ᠮᠠᠯ ᠤᠨ ᠵᠠᠬ᠎ᠠ ᠪᠠᠷ | ᠣᠶᠢᠷᠠᠲᠤᠳᠠᠭ ᠪᠠᠶᠢᠵᠤ ᠭᠡᠨ᠎ᠡ᠃ | ᠲᠤᠰ ᠨᠣᠲᠤᠭ ᠤᠨ ᠮᠠᠯᠴᠢᠳ ᠨᠢ ᠠᠯᠲᠠᠨ ᠣᠨᠤᠭ᠎ᠠ ᠪᠠᠨ ᠲᠤᠩ ᠶᠡᠭᠡ ᠬᠠᠶᠢᠷᠠᠯᠠᠨ ᠨᠣᠲᠤᠭ ᠣᠰᠤᠨ ᠤ | ᠬᠡᠶᠢᠮᠦᠷᠢ᠂ ᠡᠩᠬᠡ ᠲᠠᠶᠢᠪᠣᠩ ᠤᠨ ᠪᠡᠯᠭᠡᠳᠡᠯ ᠢᠶᠠᠷ ᠦᠵᠡᠵᠦ᠂ ᠶᠡᠷᠦ ᠠᠴᠠ ᠲᠡᠭᠦᠨ ᠲᠠᠢ ᠣᠷᠤᠯᠳᠤᠳᠠᠭ ᠦᠭᠡᠢ᠂ | ᠠᠯᠲᠠᠨ ᠣᠨᠠᠭ᠎ᠠ ᠴᠤ ᠡᠨᠡ ᠨᠣᠲᠤᠭ ᠤᠨ ᠲᠤᠷᠠᠭᠠᠨ ᠬᠥᠷᠥᠰᠦᠨ ᠳᠡᠭᠡᠷ᠎ᠡ ᠡᠷᠬᠡ ᠳᠤᠷ᠎ᠠ ᠪᠠᠷ ᠢᠶᠠᠨ ᠲᠤᠭᠯᠠᠵᠤ | ᠪᠠᠶᠢᠵᠠᠢ᠃ | ᠭᠡᠬᠦ ᠳᠤ ᠰᠠᠶᠢᠨ ᠶᠠᠪᠣᠳᠠᠯ ᠳᠤ ᠰᠠᠭᠠᠳ ᠣᠯᠠᠨ ᠭᠡᠳᠡᠭᠴᠢᠯᠡᠨ ᠡᠨᠡᠬᠦ ᠨᠣᠲᠤᠭ ᠣᠰᠣᠨ ᠤ ᠬᠤᠪᠣᠷ ᠡᠷᠳᠡᠨᠢ | ᠪᠣᠯᠣᠭᠰᠠᠨ ᠠᠯᠲᠠᠨ ᠣᠨᠠᠭ᠎ᠠ ᠶᠢ ᠢᠵᠸᠤ ︵ᠭᠠᠵᠠᠷ ᠤᠨ ᠨᠡᠷ᠎ᠡ︶ ᠮᠠᠶᠢᠮᠠᠢ ᠶᠢᠨ ᠨᠢᠭᠡᠨ ᠬᠢᠲᠠᠳ ᠣᠯᠵᠤ | ᠮᠡᠳᠡᠴᠢᠭᠡᠭᠡᠳ ᠠᠯᠲᠠᠨ ᠣᠨᠠᠭ᠎ᠠ ᠶᠢ ᠨᠣᠭᠲᠤᠯᠤᠨ ᠠᠪᠴᠤ ᠦᠪᠡᠷ ᠤᠨ ᠢᠶᠠᠨ ᠪᠤᠯᠭᠠᠬᠤ ᠭᠡᠰᠡᠨ ᠬᠤᠮᠬᠠᠢ ᠰᠠᠨᠠᠭ᠎ᠠ | ᠬᠤᠪᠳᠤᠭ ᠰᠡᠳᠬᠢᠯ ᠢ ᠡᠪᠦᠷᠯᠡᠨ ᠠᠷᠭ᠎ᠠ ᠪᠦᠬᠦᠨ ᠢ ᠰᠥᠪᠠᠭᠴᠢᠯᠡᠵᠤ ᠭᠤᠷᠪᠠᠨ ᠵᠢᠯ ᠣᠷᠣᠯᠳᠣᠵᠣ ᠭᠡᠨ᠎ᠡ᠃ | ᠨᠢᠭᠡᠨ ᠡᠳᠦᠷ ᠲᠡᠷᠡ ᠬᠢᠲᠠᠳ ᠣᠯᠠᠭᠠᠨ ᠲᠣᠷᠭᠠᠨ ᠣᠲᠠᠰᠣ ᠪᠠᠷ ᠨᠣᠭᠲᠤ ᠵᠠᠩᠬᠢᠳᠴᠣ ᠠᠯᠲᠠᠨ ᠣᠨᠠᠭ᠎ᠠ ᠲᠠᠢ | ᠣᠶᠢᠷᠠᠲᠣᠨ ᠨᠣᠭᠲᠤᠯᠠᠮᠠᠷ ᠪᠣᠯᠵᠤ ᠪᠠᠶᠢᠭ᠎ᠠ ᠥᠢᠷ᠎ᠠ ᠬᠠᠪᠢ ᠳᠤᠨᠢ ᠠᠷᠭᠠᠯ ᠲᠡᠭᠦᠵᠦ ᠪᠠᠶᠢᠭᠰᠠᠨ ᠨᠢᠭᠡᠨ ᠨᠣᠭᠤᠭᠠᠨ | ᠲᠡᠷᠯᠢᠭ ᠲᠠᠢ ᠪᠦᠰᠡᠭᠦᠢ ᠣᠯᠵᠣ ᠬᠠᠷᠠᠭᠠᠳ ᠬᠡᠷᠡᠭ ᠶᠠᠪᠣᠳᠠᠯ ᠮᠠᠭᠤ ᠪᠣᠯᠵᠤ ᠪᠠᠶᠢᠭ᠎ᠠ ᠶᠢ ᠮᠡᠳᠡᠭᠡᠳ《 ᠭᠦᠥᠱᠢ︕ | 》 ᠬᠡᠵᠦ ᠦᠷᠭᠦᠭᠡᠭᠰᠡᠨ ᠳᠤ ᠠᠯᠲᠠᠨ ᠣᠨᠠᠭ᠎ᠠ ᠰᠣᠴᠢᠨ ᠪᠣᠯᠬᠢᠵᠤ ᠬᠤᠶᠢᠲᠤ ᠵᠣ ᠵᠦᠭ ᠢᠶᠠᠨ ᠳᠠᠪᠬᠢᠵᠠᠢ᠃ | ᠥᠨᠥᠬᠢ ᠪᠦᠰᠡᠭᠦᠢ ᠰᠠᠩᠳᠡ ᠮᠡᠩᠳᠡ ᠭᠡᠷ ᠲᠡᠭᠡᠨ ᠢᠷᠡᠵᠦ ᠣᠴᠢᠷ ᠶᠠᠪᠣᠳᠠᠯ ᠢ ᠬᠡᠯᠡᠬᠦ ᠳᠤ ᠨᠠᠰᠤᠲᠠᠶᠢᠴᠤᠳ | ᠲᠥᠷᠦᠭᠦᠯᠦᠨ ᠳᠠᠮ ᠳᠠᠮ ᠢᠶᠠᠷ ᠴᠢᠮᠡᠭᠡ ᠠᠪᠣᠯᠴᠠᠨ ᠠᠯᠲᠠᠨ ᠣᠨᠠᠭ᠎ᠠ ᠶᠢ ᠲᠣᠭᠲᠠᠭᠠᠵᠤ ᠠᠪᠬᠤ ᠪᠠᠷ ᠬᠤᠶᠢᠨ᠎ᠠ ᠠᠴᠠ | ᠨᠢ ᠲᠠᠭᠠᠨ ᠨᠡᠬᠡᠬᠡᠯᠴᠡᠪᠡ᠃ ᠠᠯᠲᠠᠨ ᠣᠨᠠᠭ᠎ᠠ ᠴᠠᠬᠢᠯᠳᠤᠭᠲᠤ ᠶᠢᠨ ᠬᠤᠶᠢᠲᠤ ᠵᠣ ᠶᠢ ᠳᠠᠮᠵᠢᠨ ᠲᠠᠰᠢᠬᠤ ᠳᠤ ᠨᠢᠭᠡ | ᠪᠦᠯᠦᠭ ᠬᠦᠮᠦᠰ ᠨᠢ ᠳᠤᠤᠷ᠎ᠠ ᠲᠠᠯ᠎ᠠ ᠶᠢ ᠪᠠᠷᠢᠨ ᠪᠠᠷ᠎ᠠ ᠶᠢ ᠨᠢ ᠬᠠᠷᠠᠵᠤ ᠳᠠᠪᠬᠢᠯᠳᠤᠪᠠ᠃ ᠠᠯᠲᠠᠨ ᠣᠨᠠᠭ᠎ᠠ ᠵᠣ | ᠳᠠᠮᠵᠢᠨ ᠬᠢᠷ᠎ᠠ ᠳᠠᠭᠠᠭᠠᠵᠤ᠂ ᠴᠠᠬᠢᠯᠳᠤᠭᠲᠤ ᠶᠢᠨ ᠵᠣ ᠴᠠᠭᠠᠨ ᠬᠥᠨᠳᠡᠢ ᠶᠢᠨ ᠡᠬᠢ ᠣᠪᠣᠭᠠᠨ ᠬᠦᠲᠥᠯ ᠤᠨ ᠵᠣ | ᠳᠠᠮᠵᠢᠨ ᠭᠠᠮᠤᠷ ᠣᠪᠣᠭᠠᠨ ᠳᠤ ᠭᠠᠷᠴᠤ ᠬᠢᠷ᠎ᠠ ᠳᠠᠮᠵᠢᠨ ᠪᠠᠷᠠᠭᠤᠨᠰᠢ ᠪᠠᠭᠤᠬᠤ ᠭᠡᠬᠦ ᠳᠤ ᠳᠤᠤᠷ᠎ᠠ ᠲᠠᠯ᠎ᠠ ᠶᠢ ᠪᠠᠷᠢᠨ | ᠳᠠᠪᠬᠢᠭᠰᠠᠨ ᠬᠦᠮᠦᠨ ᠬᠤᠷᠤᠭᠠᠲᠤ ᠶᠢᠨ ᠦᠵᠦᠭᠦᠷ ᠢᠶᠠᠷ ᠭᠠᠷᠴᠤ ᠲᠠᠯ᠎ᠠ ᠶᠢᠨ ᠲᠤᠪᠤᠭ ᠳᠠᠮᠵᠢᠨ ᠭᠠᠮᠤᠷ ᠣᠪᠣᠭᠠᠨ ᠤ | ᠰᠡᠡᠴᠢᠭ ᠤᠨ ᠬᠠᠳᠠᠨ ᠤ ᠢᠷᠥᠭᠠᠷ ᠢᠷᠡᠬᠦ ᠳᠤ ᠶᠠᠭ ᠰᠠᠶᠢᠬᠠᠨ ᠠᠯᠲᠠᠨ ᠣᠨᠠᠭ᠎ᠠ ᠲᠠᠢ ᠮᠥᠷᠭᠦᠯᠳᠦᠨ ᠲᠠᠭᠠᠷᠠᠬᠤ ᠳᠤ | ᠠᠯᠲᠠᠨ ᠣᠨᠠᠭ᠎ᠠ ᠶᠠᠪᠣᠬᠤ ᠵᠠᠮ ᠦᠭᠡᠢ ᠬᠠᠰᠢᠭᠳᠠᠵᠤ᠂ ᠲᠡᠷᠡ ᠳᠤᠤᠷ᠎ᠠ ᠪᠠᠨ ᠦᠵᠡᠭᠳᠡᠬᠦ ᠪᠠᠨ ᠪᠣᠯᠢᠪᠠ᠃ ᠬᠦᠮᠦᠰ | ᠠᠯᠲᠠᠨ ᠣᠨᠠᠭ᠎ᠠ ᠶᠠᠭᠤ ᠴᠤ ᠭᠡᠰᠡᠨ ᠨᠣᠲᠤᠭ ᠲᠠᠭᠠᠨ ᠰᠢᠩᠭᠡᠯ᠎ᠡ ᠭᠡᠵᠦ ᠶᠠᠷᠢᠯᠳᠣᠵᠣ ᠲᠠᠷᠬᠠᠵᠠᠢ᠃ | ᠠᠯᠲᠠᠨ ᠣᠨᠠᠭ᠎ᠠ ᠡᠨᠡ ᠨᠣᠲᠤᠭ ᠲᠤ ᠰᠢᠩᠭᠡᠭᠰᠡᠨ ᠠᠴᠠ ᠠᠳᠤᠭᠤ ᠮᠠᠯ ᠶᠡᠭᠡ ᠣᠰᠴᠤ ᠣᠯᠠᠨ ᠰᠠᠶᠢᠬᠠᠨ | ᠣᠷᠣᠯᠳᠣᠭᠠᠨ ᠮᠣᠷᠢ᠂ ᠰᠠᠶᠢᠨ ᠬᠥᠯᠥᠭ ᠤᠳ ᠴᠣᠯᠭᠤᠷᠠᠨ ᠭᠠᠷᠴᠠᠢ ᠭᠡᠵᠦ ᠨᠠᠰᠣᠲᠠᠶᠢᠴᠤᠳ ᠬᠠᠭᠤᠴᠢᠯᠠᠳᠠᠭ ᠪᠠᠶᠢᠯ᠎ᠠ | ᠃ ᠡᠷᠲᠡ ᠳᠡᠭᠡᠷ᠎ᠡ ᠦᠶ᠎ᠡ ᠠᠴᠠ ᠡᠳᠦᠭᠡ ᠪᠣᠯᠲᠠᠯ᠎ᠠ ᠲᠠᠩᠭᠤᠳ ᠤᠨ ᠰᠣᠨᠣᠨ ᠬᠥᠬᠡ᠂ ᠭᠤᠮᠪᠤᠵᠠᠪ ᠤᠨ ᠰᠠᠷᠡᠯ᠂ | ᠰᠣᠩᠷᠤᠢ ᠶᠢᠨ ᠴᠠᠭᠠᠨ᠂ ᠳᠠᠮᠪᠠᠳᠤᠷᠵᠢ ᠶᠢᠨ ᠴᠠᠭᠠᠨ᠂ ᠰᠦᠩᠽᠧᠨ ᠤ ᠴᠠᠪᠳᠤᠷ᠂ ᠨᠠᠰᠤᠨᠭᠡᠷᠡᠯ ᠤᠨ ᠬᠠᠷ᠎ᠠ᠂ | ᠵᠠᠯᠭᠠᠮᠵᠢ ᠶᠢᠨ ᠬᠡᠭᠡᠷ᠂ ᠥᠯᠵᠡᠶᠢᠮᠡᠨᠳᠦ ᠶᠢᠨ ᠬᠠᠯᠢᠭᠤᠨ ᠵᠡᠷᠭᠡ ᠣᠯᠠᠨ ᠰᠠᠶᠢᠬᠠᠨ ᠮᠣᠷᠢᠳ ᠭᠠᠷᠴᠣ ᠬᠦᠮᠦᠨ | ᠠᠷᠠᠳ ᠢᠶᠠᠨ ᠪᠠᠶᠠᠰᠬᠠᠨ ᠨᠣᠲᠤᠭ ᠣᠰᠣᠨ ᠤ ᠪᠠᠨ ᠨᠡᠷ᠎ᠡ ᠠᠯᠳᠠᠷ ᠢ ᠣᠯᠠᠨ᠎ᠠ ᠳᠠᠭᠤᠷᠢᠰᠢᠭᠤᠯᠵᠤ ᠶᠠᠪᠣᠵᠠᠢ᠃ | ᠲᠤᠰ ᠨᠣᠲᠤᠭ ᠤᠨ ᠠᠷᠠᠳ ᠠᠯᠲᠠᠨ ᠤᠨᠠᠭ᠎ᠠ ᠪᠠᠨ ᠳᠤᠷᠠᠰᠬᠠᠬᠤ ᠶᠢᠨ ᠲᠥᠯᠥᠭᠡ ᠲᠡᠭᠦᠨ ᠤ ᠨᠠᠭᠠᠳᠤᠨ ᠲᠤᠭᠯᠠᠵᠤ | ᠪᠠᠶᠢᠭᠰᠠᠨ ᠪᠢᠴᠢᠬᠠᠨ ᠲᠤᠪᠤᠭ ᠲᠤ ᠣᠪᠣᠭ᠎ᠠ ᠪᠣᠰᠬᠠᠨ ᠳᠠᠬᠢᠵᠤ᠂ ᠠᠯᠲᠠᠨ ᠣᠨᠠᠭ᠎ᠠ ᠶᠢᠨ ᠣᠪᠣᠭ᠎ᠠ ᠬᠡᠮᠡᠨ | ᠨᠡᠷᠡᠶᠢᠳᠴᠦ ᠵᠢᠯ ᠪᠦᠷᠢ ᠶᠢᠨ ᠪᠢᠯᠢᠭ ᠤᠨ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠳᠤ ᠳᠠᠬᠢᠯᠭ᠎ᠠ ᠳᠠᠬᠢᠭᠰᠠᠭᠠᠷ | ᠪᠠᠶᠢᠵᠤ ᠡᠳᠦᠭᠡ ᠪᠣᠯᠵᠠᠢ᠃ |