ᠣᠯᠠᠭᠠᠨ ᠬᠠᠭᠠᠯᠭ᠎ᠠ ᠰᠦᠮ᠎ᠡ | ᠣᠯᠠᠭᠠᠨ ᠬᠠᠭᠠᠯᠭ᠎ᠠ ᠰᠦᠮ᠎ᠡ —① ᠬᠤᠰᠢᠭᠤᠨ ᠤ ᠵᠢᠷᠭᠤᠭᠠᠨ ᠬᠡᠶᠢᠳ ᠤᠨ ᠨᠢᠭᠡ ᠪᠦᠭᠡᠳ ᠰᠦᠮ᠎ᠡ ᠶᠢᠨ | ᠬᠡᠪᠴᠢᠶ᠎ᠡ ᠪᠠᠷᠢᠯᠭ᠎ᠠ ᠶᠢᠨ ᠴᠢᠨᠠᠷᠵᠢᠯ᠂ ᠬᠤᠸᠠᠷᠬᠭ ᠯᠠᠮᠠ ᠶᠢᠨ ᠳᠤᠭ᠎ᠠ ᠪᠠᠷ ᠪᠤᠰᠤᠳ ᠰᠦᠮ᠎ᠡ ᠠᠴᠠ ᠪᠠᠨ | ᠣᠷᠣᠶᠢᠯᠠᠨᠠ᠃ ᠴᠢᠯᠦᠭᠡᠯᠡᠭᠳᠡᠬᠦ ᠶᠢᠨ ᠡᠬᠢᠨ ᠤ ᠦᠶ᠎ᠡ ᠳᠤ ᠵᠡᠭᠦᠨ ᠬᠤᠯᠪᠣᠭᠠᠳᠤ ᠬᠤᠰᠢᠭᠤᠨ ᠤ ᠵᠠᠰᠠᠭ ᠤᠨ ᠣᠷᠳᠣᠨ | ᠪᠠᠶᠢᠭᠰᠠᠨ ᠬᠤᠪᠢᠰᠬᠠᠯ ᠤᠨ ᠰᠠᠭᠤᠷᠢᠨ ᠭᠠᠵᠠᠷ ᠪᠦᠭᠡᠳ 1948 ᠣᠨ ᠳᠤ ᠬᠤᠪᠢᠰᠬᠠᠯ ᠤᠨ ᠡᠰᠡᠷᠭᠦ | ᠬᠤᠲᠤᠷᠠᠩᠭᠠ ᠶᠢᠨ ᠪᠦᠯᠦᠭ ᠲᠠᠢ ᠪᠠᠶᠢᠯᠳᠥᠭ᠌ᠰᠠᠨ ︽ᠣᠯᠠᠭᠠᠨ ᠬᠠᠭᠠᠯᠭ᠎ᠠ ᠶᠢᠨ ᠲᠤᠯᠤᠯᠳᠥᠭᠠᠨ︾ ᠠᠳᠡ | ᠡᠭᠦᠰᠦᠭᠰᠡᠨ ᠲᠡᠤᠬᠡᠲᠤ ᠭᠠᠵᠠᠷ ᠪᠣᠯᠣᠨ᠎ᠠ᠃ ᠰᠣᠶᠣᠯ ᠤᠨ ᠬᠤᠪᠢᠰᠬᠠᠯ ᠤᠨ ᠳᠣᠮᠳᠠ ᠰᠣᠶᠢᠳᠤᠨ ᠲᠠᠮᠲᠠᠷᠠᠵᠤ᠂ | ᠣᠳᠣ ᠳᠤᠰ ᠨᠤᠲᠤᠭ ᠤᠨ ᠮᠠᠯᠴᠢᠨ ᠠᠷᠠᠳ ᠢᠶᠠᠷ ᠭᠤᠣᠯᠯᠠᠭᠰᠠᠨ᠂ ᠰᠦᠰᠦᠭ ᠪᠢᠰᠢᠷᠡᠯᠲᠡᠨ ᠨᠠᠷ ᠳᠠᠬᠢᠨ ᠰᠡᠷᠭᠦᠭᠡᠨ | ᠪᠠᠶᠢᠭᠤᠯᠵᠤ ᠰᠢᠲᠤᠵᠤ ᠪᠠᠶᠢᠭ᠎ᠠ ᠭᠠᠵᠠᠷ ᠶᠤᠮ᠃② ᠡᠷᠲᠡ ᠤᠷᠢᠲᠤ ᠶᠢᠨ ᠴᠠᠭ ᠲᠤ ᠨᠢᠭᠡᠨ ᠪᠠᠳᠢᠷᠴᠢᠨ ᠯᠠᠮᠠ ᠡᠨᠡ | ᠭᠠᠵᠠᠷ ᠲᠤ ᠢᠷᠡᠬᠦ ᠳᠤ ᠲᠠᠩᠽᠠᠨ ᠭᠡᠳᠡᠭ ᠮᠠᠶᠢᠷᠠᠨ ᠤ ᠳᠡᠭᠡᠳᠤᠰ ᠤᠨ ᠰᠠᠭᠤᠵᠤ ᠪᠠᠶᠢᠭᠰᠠᠨ ᠭᠠᠵᠠᠷ ᠭᠡᠨ᠎ᠡ᠃ | ᠣᠳᠣᠬᠢ ᠰᠦᠮ᠎ᠡ ᠶᠢᠨ ᠡᠮᠦᠨ᠎ᠡ ᠨᠢ ᠲᠡᠲᠡᠨ ᠤ ᠬᠡᠷᠡᠭᠯᠡᠵᠦ ᠪᠠᠶᠢᠭᠰᠠᠨ ᠬᠤᠳᠳᠤᠭ ᠲᠤ ᠨᠢ ᠬᠦᠮᠤᠨ ᠣᠶᠢᠴᠢᠵᠤ | ᠠᠳᠡᠭᠰᠡᠨ ᠠᠴᠠ ᠪᠣᠯᠵᠤ ᠳᠠᠷᠤᠵᠤ ᠬᠠᠶᠠᠭᠰᠠᠨ ᠭᠡᠨ᠎ᠡ᠃ ᠪᠠᠳᠢᠷᠴᠢᠨ ᠯᠠᠮᠠ ᠲᠠᠩᠽᠠᠨ ᠮᠠᠶᠢᠷᠠᠨ ᠤ ᠳᠡᠭᠡᠳᠤᠰ ᠠᠴᠠ | ᠰᠦᠮ᠎ᠡ ᠪᠠᠷᠢᠬᠤ ᠭᠠᠵᠠᠷ ᠭᠤᠶᠤᠴᠢᠯᠠᠭᠰᠠᠨ ᠳᠤ ᠲᠡᠷᠡ ᠣᠭᠲᠣ ᠲᠦᠪᠡᠭᠰᠢᠶᠡᠷᠡᠯ ᠦᠭᠡᠢ ᠪᠠᠷ ᠵᠦᠪᠰᠢᠶᠡᠷᠡᠵᠤ ᠭᠡᠨ᠎ᠡ᠃ | ᠮᠦᠨ ᠴᠦ ᠡᠨᠡ ᠪᠠᠳᠢᠷᠴᠢᠨ ᠯᠠᠮᠠ ᠶᠢᠨ ᠣᠯᠠᠨ ᠠᠷᠪᠢᠨ ᠵᠢᠵᠢᠭ ᠴᠢᠯᠠᠭᠤ ᠴᠤᠭᠯᠠᠭᠤᠯᠵᠤ ᠲᠠᠯᠪᠢᠭᠰᠠᠨ ᠢ | ᠦᠵᠡᠭᠡᠳ᠄ ︽ᠰᠦᠮ᠎ᠡ ᠶᠢᠨ ᠱᠠᠪᠢ ᠴᠢᠨᠢ ᠡᠳᠡᠭᠡᠷ ᠴᠢᠯᠠᠭᠤ ᠰᠢᠭ᠋ ᠠᠷᠪᠢᠨ ᠪᠣᠯᠤᠭ︕︾ ᠭᠡᠵᠤ ᠪᠡᠯᠭᠡᠳᠤᠭ᠍ᠰᠡᠨ | ᠭᠡᠨ᠎ᠡ᠃ ᠴᠢᠩᠬᠢᠭᠡᠳ ᠵᠢᠵᠢᠭ ᠴᠢᠯᠠᠭᠤ ᠶᠢ ᠨᠢ ᠳᠣᠭᠠᠯᠠᠵᠤ ᠦᠵᠡᠬᠦ ᠳᠤ ᠮᠢᠩᠭ᠎ᠠ ᠬᠦᠷᠦᠭᠰᠡᠨ ᠪᠦᠭᠡᠳ ᠬᠤᠵᠢᠮ ᠨᠢ | ᠣᠯᠠᠭᠠᠨ ᠬᠠᠭᠠᠯᠭ᠎ᠠ ᠰᠦᠮ᠎ᠡ ᠶᠢᠨ ᠯᠠᠮᠠ ᠶᠢᠨ ᠲᠤᠭ᠎ᠠ ᠮᠢᠩᠭ᠎ᠠ ᠬᠦᠷᠦᠯ᠎ᠡ ᠭᠡᠬᠦ ᠶᠤᠮ᠃③ ᠣᠯᠠᠭᠠᠨ ᠬᠠᠭᠠᠯᠭ᠎ᠠ | ᠰᠦᠮ᠎ᠡ ᠶᠢᠨ ᠬᠤᠶᠢᠲᠦ ᠳᠡᠭᠡᠷ᠎ᠡ ᠨᠢᠭᠡᠨ ᠭᠦᠨ ᠴᠦᠩᠭᠦᠷᠢᠭ ᠪᠠᠶᠢᠬᠤ ᠪᠦᠭᠡᠳ ᠣᠯᠠᠭᠠᠨ ᠪᠣᠷᠭᠠᠰᠦ ᠳᠦᠭᠦᠷᠲᠡᠯ᠎ᠡ | ᠤᠷᠭᠤᠵᠤ᠂ ᠠᠯᠤᠰ ᠠᠴᠠ ᠬᠠᠷᠠᠬᠤ ᠳᠤ ᠬᠠᠭᠠᠯᠭ᠎ᠠ ᠠᠳᠠᠯᠢ ᠬᠠᠷᠠᠭᠳᠠᠬᠤ ᠪᠣᠯᠬᠤᠷ ︽ᠤᠯᠠᠭᠠᠨ ᠬᠠᠭᠠᠯᠭ᠎ᠠ︾ ᠭᠡᠬᠦ | ᠨᠡᠷ᠎ᠡ ᠪᠣᠢ ᠪᠣᠯᠵᠤ ᠭᠡᠨ᠎ᠡ᠃④ ᠣᠯᠠᠭᠠᠨ ᠬᠠᠭᠠᠯᠭ᠎ᠠ ᠰᠦᠮ᠎ᠡ ᠶᠢᠨ ᠳᠦᠷᠪᠡᠨ ᠲᠠᠯ᠎ᠠ ᠳᠤ ᠨᠢ ᠪᠦᠷ ᠰᠣᠪᠤᠷᠭ᠎ᠠ ᠲᠠᠢ | ᠪᠠᠶᠢᠪᠠ᠃ ᠪᠠᠷᠠᠭᠤᠨ ᠬᠤᠶᠢᠲᠦ ᠰᠣᠪᠤᠷᠭ᠎ᠠ ᠨᠢ ᠭᠠᠯ ᠢ ᠰᠡᠷᠭᠡᠶᠢᠯᠡᠵᠤ᠂ ᠪᠠᠷᠠᠭᠤᠨ ᠡᠮᠤᠨᠡᠬᠢ ᠰᠣᠪᠤᠷᠭ᠎ᠠ ᠨᠢ ᠤᠰᠤ ᠶᠢ | ᠬᠤᠷᠢᠵᠤ᠂ ᠵᠡᠭᠦᠨ ᠡᠮᠤᠨᠡᠬᠢ ᠰᠤᠪᠤᠷᠭ᠎ᠠ ᠨᠢ ᠡᠪᠡᠳᠴᠢᠨ ᠬᠢᠵᠢᠭ ︵ᠭᠠᠯᠵᠠᠭᠤ︶ ᠢ ᠰᠡᠷᠭᠡᠶᠢᠯᠡᠵᠤ᠂ ︵ᠳᠦᠷᠪᠡᠨ | ᠲᠠᠯ᠎ᠠ ᠨᠢ ᠭᠦᠨᠳᠡᠢ ᠲᠤᠯᠭᠠᠭᠤᠷᠢᠯᠠᠨ ᠪᠠᠷᠢᠭᠰᠠᠨ ᠰᠣᠪᠤᠷᠭ᠎ᠠ ᠪᠦᠭᠡᠳ ᠮᠣᠷᠢ ᠲᠠᠢ ᠬᠦᠮᠤᠨ᠂ ᠲᠡᠷᠭᠡ ᠤᠨᠤᠭ᠎ᠠ | ᠲᠤᠤᠭᠤᠷ ᠨᠢ ᠤᠷᠦᠵᠤ ᠭᠠᠷᠴᠦ ᠪᠣᠯᠳᠠᠭ︶ ᠵᠡᠭᠦᠨ ᠬᠤᠶᠢᠨᠡᠬᠢ ᠰᠣᠪᠤᠷᠭ᠎ᠠ ᠨᠢ ᠴᠢᠳᠬᠦᠷ ᠤᠨ ᠳᠠᠷᠤᠯᠭ᠎ᠠ ᠭᠡᠳᠡᠭ᠃ | ᠡᠳᠡᠭᠡᠷ ᠰᠣᠪᠤᠷᠭ᠎ᠠ ᠨᠢ ᠪᠣᠰᠤᠳ ᠰᠦᠮ᠎ᠡ ᠶᠢᠨ ᠰᠣᠪᠤᠷᠭ᠎ᠠ ᠤᠳ ᠢ ᠪᠣᠳᠣᠪᠠᠯ ᠪᠦᠳᠤᠭᠦᠨ ᠪᠦᠭᠡᠳ ᠲᠤᠩ ᠰᠦᠷᠯᠢᠭ | ᠰᠠᠶᠢᠬᠠᠨ ᠶᠤᠮ᠃ |