ᠢᠮᠠᠭ᠎ᠠ ᠮᠠᠯᠵᠢᠬᠤ ᠠᠷᠭ᠎ᠠ ᠲᠣᠷᠰᠢᠯᠭ᠎ᠠ ᠶᠢ ᠬᠤᠷᠠᠮᠳᠣᠭᠤᠯᠵᠣ ᠶᠠᠪᠣᠨ᠎ᠠ | | ᠰᠢᠨ᠎ᠡ ᠡᠷᠡᠨ ᠵᠠᠭᠤᠨ ᠳᠤ ᠥᠪᠡᠷ ᠤᠨ ᠪᠣᠳᠣᠵᠣ ᠲᠦᠯᠦᠪᠯᠡᠭᠰᠡᠨ ᠠᠮᠢᠳᠣᠷᠠᠯ ᠦᠢᠯᠡᠰ ᠢᠶᠠᠨ ᠵᠣᠷᠢᠭᠳᠠᠢ ᠡᠬᠢᠯᠡᠭᠦᠯᠵᠦ᠂ | ᠰᠢᠨ᠎ᠡ ᠬᠦᠳᠡᠭᠡ ᠲᠣᠰᠬᠤᠨ ᠤ ᠥᠩᠭᠡ ᠲᠦᠷᠬᠦ ᠳᠤ ᠵᠢᠳᠬᠦᠯ ᠴᠢᠷᠮᠠᠶᠢᠯᠭ᠎ᠠ ᠭᠠᠷᠭᠠᠨ ᠥᠩᠭᠡ ᠬᠢᠯᠪᠠᠭ᠎ᠠ ᠨᠡᠮᠡᠵᠦ ᠶᠠᠪᠣᠭ᠎ᠠ | ᠵᠠᠯᠠᠭᠤ ᠬᠦᠮᠦᠰ ᠡᠳᠦᠭᠡ ᠣᠯᠠᠮ ᠣᠯᠠᠨ ᠪᠣᠯᠵᠣ ᠪᠠᠶᠢᠭ᠎ᠠ ᠪᠦᠭᠡᠳ ᠳᠡᠳᠡᠨ ᠤ ᠲᠣᠮᠳᠠ ᠵᠠᠯᠠᠭᠤ ᠮᠠᠯᠴᠢᠨ ᠲᠦᠷᠭᠡᠨᠪᠡᠶᠡᠷ | ᠨᠠᠷᠠᠨᠨᠠᠪᠴᠢ ᠬᠤᠶᠠᠷ ᠡᠨᠡ ᠲᠣᠮᠳᠠ ᠨᠢᠭᠡᠨ ᠮᠠᠯᠴᠢᠨ ᠠᠶᠢᠯ ᠤᠨ ᠲᠤᠭ᠎ᠠ ᠶᠢ ᠨᠡᠮᠡᠵᠦ ᠶᠠᠪᠤᠨ᠎ᠠ᠃ | ᠡᠳᠡᠨᠡᠶᠢᠬᠢ ᠨᠢ ᠣᠣᠯ ᠨᠢ ᠦᠭᠡᠷ᠂ ᠠᠳᠣᠭᠤ᠂ ᠬᠤᠨᠢ᠂ ᠢᠮᠠᠭ᠎ᠠ ᠭᠡᠳ ᠪᠦᠬᠦᠨ ᠢ ᠨᠡᠯᠢᠶᠡᠳ ᠲᠤᠭ᠎ᠠ ᠪᠠᠷ ᠮᠠᠯᠵᠢᠵᠣ | ᠪᠠᠶᠢᠭᠰᠠᠨ ᠪᠦᠭᠡᠳ ᠬᠦᠳᠡᠯᠮᠦᠷᠢ ᠬᠦᠴᠦ᠂ ᠵᠠᠷᠣᠳᠠᠯ ᠮᠥᠩᠭᠦ᠂ ᠪᠡᠯᠴᠢᠭᠡᠷ ᠣᠰᠣᠨ ᠤ ᠬᠡᠷᠡᠭᠴᠡᠭᠡ ᠱᠠᠭᠠᠷᠳᠠᠯᠭ᠎ᠠ ᠨᠡᠯᠢᠶᠡᠳ | ᠶᠡᠭᠡ ᠪᠠᠶᠢᠵᠠᠢ᠃ ᠡᠨᠡᠬᠦ ᠪᠠᠶᠢᠳᠠᠯ ᠳᠤ ᠲᠦᠷᠭᠡᠨᠪᠠᠶᠠᠷ ᠪᠦᠰᠡᠬᠦᠢ ᠲᠠᠢ ᠪᠠᠨ ᠬᠤᠶᠠᠭᠤᠯᠠ ᠬᠡᠳᠦᠨ ᠵᠢᠯ ᠤᠨ ᠣᠷᠣᠯᠭ᠎ᠠ | ᠵᠠᠷᠣᠯᠭ᠎ᠠ ᠪᠠᠨ ᠲᠣᠭᠠᠴᠠᠯᠠᠵᠣ ᠪᠣᠳᠣᠭᠰᠠᠨ ᠤ ᠦᠷ᠎ᠡ ᠳ᠋ᠦᠩ ᠳᠤ ᠮᠠᠯ ᠠᠬᠤᠢ ᠪᠠᠨ ᠰᠢᠯᠢᠳᠡᠭᠵᠢᠬᠦᠯᠵᠦ ᠲᠣᠰᠠᠬᠠᠶᠢᠵᠢᠭᠤᠯᠬᠤ | ᠲᠡᠰᠢ ᠬᠠᠨᠳᠣᠬᠤ ᠪᠠᠷ ᠰᠢᠢᠳᠴᠦ᠂ 2021 ᠣᠨ ᠠᠴᠠ ᠬᠤᠶᠠᠷ ᠲᠦᠷᠦᠯ ᠤᠨ ᠪᠣᠳᠠ ᠮᠠᠯ ᠪᠣᠯᠣᠨ ᠬᠤᠨᠢᠨ ᠤ ᠪᠠᠨ | ᠲᠤᠭ᠎ᠠ ᠲᠣᠯᠣᠭᠠᠢ ᠶᠢ ᠴᠦᠭᠡᠳᠬᠡᠨ ᠦᠵᠦᠮᠦᠴᠢᠨ ᠴᠠᠭᠠᠨ ᠢᠮᠠᠭ᠎ᠠ ᠮᠠᠯᠵᠢᠬᠤ ᠪᠠᠷ ᠲᠣᠰᠠᠬᠠᠢ ᠪᠡᠯᠡᠳᠬᠡᠯ ᠬᠢᠵᠦ ᠣᠣᠯ ᠤᠨ | ᠲᠠᠯᠠᠭᠠᠳ ᠲᠣᠭᠠᠨ ᠤ ᠢᠮᠠᠭᠠᠨ ᠲᠡᠭᠡᠷ᠎ᠡ ᠪᠠᠨ ᠵᠠᠭᠤᠨ ᠲᠣᠯᠣᠭᠠᠢ ᠢᠮᠠᠭ᠎ᠠ ᠬᠤᠳᠠᠯᠳᠣᠨ ᠠᠪᠴᠦ᠂ ᠲᠣᠰᠠᠬᠠᠢ ᠲᠦᠷᠦᠯ ᠢ | ᠭᠤᠣᠯᠴᠢᠯᠠᠨ ᠮᠠᠯᠵᠢᠬᠤ ᠪᠠᠷ ᠴᠢᠷᠮᠠᠶᠢᠵᠣ ᠡᠬᠢᠯᠡᠭᠰᠡᠨ ᠪᠠᠶᠢᠨ᠎ᠠ᠃ | ᠲᠦᠷᠭᠡᠨᠪᠡᠶᠡᠷ ᠤᠨ ᠬᠢ ᠪᠠᠶᠠᠨᠬᠤᠰᠢᠭᠤ ᠰᠣᠮᠣᠨ ᠤ ᠰᠠᠶᠢᠬᠠᠨᠨᠠᠭᠤᠷ ᠭᠠᠴᠠᠭᠠᠨ ᠳᠤ᠂ ᠲᠡᠷᠡᠰᠦ ᠪᠣᠳᠠ ᠲᠠᠢ ᠨᠦᠮᠦᠷᠢ | ᠨᠦᠭᠡᠯᠭᠡ ᠲᠠᠢ ᠭᠠᠵᠠᠷ ᠲᠤ ᠰᠠᠭᠤᠷᠢᠰᠢᠳᠠᠭ᠂ ᠶᠠᠭ ᠡᠨᠡᠬᠦ ᠲᠠᠪᠠᠭᠤᠯᠢᠭ ᠨᠦᠬᠦᠴᠡᠯ ᠳᠤ ᠪᠠᠨ ᠵᠣᠬᠢᠴᠠᠭᠤᠯᠣᠨ ᠡᠳᠡᠨᠡᠶᠢᠬᠢ ᠨᠢ | ᠥᠩᠭᠡᠷᠡᠭᠰᠡᠨ ᠵᠢᠯ ᠤᠨ ᠬᠠᠪᠣᠷ ᠭᠤᠷᠪᠠᠨ ᠵᠠᠭᠤᠭᠠᠳ ᠢᠮᠠᠭᠠᠨ ᠤ ᠲᠦᠯ ᠢᠶᠠᠨ ᠪᠦᠬᠦᠨ ᠢ ᠮᠡᠨᠳᠦ ᠰᠠᠶᠢᠬᠠᠨ ᠲᠣᠰᠣᠭᠰᠠᠨ | ᠪᠠᠶᠢᠨ᠎ᠠ᠃ ᠲᠦᠷᠭᠡᠨᠪᠠᠶᠠᠷ ᠨᠠᠷᠠᠨᠨᠠᠪᠴᠢ ᠬᠤᠶᠠᠷ᠂ ᠵᠢᠯ ᠭᠠᠷᠣᠢ ᠢᠮᠠᠭ᠎ᠠ ᠮᠠᠯᠵᠢᠭᠰᠠᠨ ᠠᠷᠭ᠎ᠠ ᠲᠣᠷᠰᠢᠯᠭ᠎ᠠ ᠪᠠᠨ ᠪᠢᠳᠡᠨ ᠳᠤ | ᠶᠠᠷᠢᠬᠤ ᠳᠤ ᠪᠠᠨ ︽ᠢᠮᠠᠭ᠎ᠠ ᠪᠣᠯ ᠲᠡᠭᠵᠢᠨ ᠴᠣᠪᠣᠭᠤ ᠠᠮᠢᠳᠠᠨ᠂ ᠡᠪᠡᠳᠴᠢᠨ ᠬᠡᠮ ᠴᠦ ᠴᠦᠭᠡᠨ ᠲᠣᠰᠣᠨ᠎ᠠ᠂ ᠥᠩᠭᠡᠷᠡᠬᠦ | ᠬᠠᠪᠣᠷ ᠪᠡᠯᠴᠢᠭᠡᠷ ᠰᠡᠷᠭᠦᠭᠡᠬᠦ ᠬᠠᠰᠢᠶᠠᠯᠠᠭ᠎ᠠ ᠶᠢᠨ ᠬᠤᠭᠤᠴᠠᠭᠠᠨ ᠳᠤ ᠡᠪᠡᠰᠦ ᠪᠣᠷᠳᠣᠭᠠᠨ ᠤ ᠲᠡᠵᠢᠭᠡᠯ ᠤᠨ ᠲᠠᠯ᠎ᠠ ᠪᠠᠷ | ᠨᠠᠷᠢᠯᠢᠭ ᠪᠣᠳᠣᠵᠣ ᠦᠵᠡᠭᠰᠡᠨ᠂ ᠬᠠᠷᠢᠴᠠᠩᠭᠤᠢ ᠭᠠᠮᠳᠠᠢ ᠪᠠᠶᠢᠭᠰᠨᠨ︾ ᠭᠡᠵᠦ ᠪᠠᠶᠢᠯ᠎ᠠ᠃ | ᠡᠪᠦᠯ ᠬᠠᠪᠣᠷ ᠤᠨ ᠡᠪᠡᠰᠦ ᠪᠣᠷᠳᠣᠭᠠᠨ ᠤ ᠨᠦᠭᠡᠴᠡᠯᠡᠯᠳᠡ ᠪᠠᠨ ᠬᠦᠷᠦᠯᠴᠡᠭᠡ ᠲᠠᠢ ᠰᠠᠶᠢᠨ ᠪᠡᠯᠡᠳᠭᠡᠭᠰᠡᠨ ᠮᠠᠯᠴᠢᠨ | ᠲᠦᠷᠭᠡᠨᠪᠠᠶᠠᠷ ᠤᠨ ᠬᠢ ᠣᠳᠣ 600 ᠭᠠᠷᠣᠢ ᠢᠮᠠᠭᠠᠳ ᠠᠴᠠ ᠢᠰᠢᠭᠡ ᠪᠠᠨ ᠵᠠᠷᠣᠵᠣ ᠪᠣᠷᠣᠯᠠᠭᠤᠯᠣᠨ᠂ 300 ᠭᠠᠷᠣᠢ | ᠢᠮᠠᠭ᠎ᠠ ᠣᠨᠳᠣᠷᠣᠭᠤᠯᠬᠤ ᠪᠠᠷ ᠲᠦᠯᠦᠪᠯᠡᠵᠦ᠂ ᠪᠣᠳᠣᠯ ᠰᠡᠳᠬᠢᠯ ᠨᠠᠶᠢᠴᠡᠭᠰᠡᠨ ᠬᠤᠶᠠᠷ ᠵᠠᠯᠠᠭᠤ ᠮᠠᠨᠢ ᠲᠤᠭ᠎ᠠ ᠲᠣᠯᠣᠭᠠᠢ ᠶᠢ | ᠭᠦᠭᠡᠭᠡᠴᠡᠯᠳᠦᠬᠦ ᠪᠢᠰᠢ ᠴᠢᠨᠠᠷᠯᠢᠭ ᠰᠠᠶᠢᠨ ᠮᠠᠯ ᠮᠠᠯᠵᠢᠬᠤ ᠪᠠᠷ ᠢᠳᠡᠭᠡᠯ ᠲᠡᠭᠦᠯᠳᠡᠷ ᠴᠢᠷᠮᠠᠶᠢᠵᠦ ᠶᠠᠪᠣᠨ᠎ᠠ᠃ | |