ᠤᠰᠤ ᠨᠤᠳᠤᠭ ᠤᠨ ᠢᠶᠠᠨ ᠠᠯᠳᠠᠷ ᠢ ᠡᠷᠭᠦᠭᠰᠡᠨ ᠤᠶᠠᠭᠠᠴᠢ ᠵᠠᠯᠠᠭᠤ ᠶᠢᠨ ᠬᠡᠶᠢᠮᠤᠷᠢᠳᠤ ᠥᠢᠯᠡᠰ | | ᠮᠤᠩᠭᠤᠯᠴᠤᠳ ᠮᠠᠨᠢ ᠡᠷᠳᠡᠨ ᠠᠴᠠ ᠪᠠᠨ ᠠᠪᠤᠭᠠᠳ ᠪᠥᠬᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠶᠢ | ︽ᠡᠷ᠎ᠡ ᠶᠢᠨ ᠭᠤᠷᠪᠠᠨ ᠨᠠᠭᠠᠳᠤᠮ︾ ᠬᠡᠮᠡᠨ ᠲᠡᠭᠡᠳᠤᠯᠠᠨ ᠬᠥᠨᠳᠥᠳᠭᠡᠵᠦ ᠬᠤᠷᠳᠤᠨ ᠬᠥᠯᠥᠭ ᠭᠠᠷᠮᠠᠭᠠᠢ ᠤᠶᠠᠭᠠᠴᠢ᠂ | ᠬᠥᠴᠥᠳᠤ ᠪᠥᠬᠡ᠂ ᠡᠷᠡᠬᠡᠢ ᠮᠡᠷᠭᠡᠨ ᠬᠠᠷᠪᠤᠭᠠᠴᠢ ᠪᠠᠷ ᠢᠶᠠᠨ ᠪᠠᠭ᠋ᠠᠷᠬᠠᠯ ᠪᠤᠯᠭᠠᠭᠰᠠᠭᠠᠷ ᠢᠷᠡᠭᠰᠡᠨ ᠶᠤᠮ᠃ | ᠬᠥᠯᠥᠭ ᠤᠨ ᠬᠤᠷᠳᠤᠨ ᠢ ᠰᠢᠨᠵᠢᠨ ᠲᠠᠨᠢᠵᠦ ᠤᠶᠠᠭ᠎ᠠ ᠰᠤᠶᠢᠯᠭᠠ ᠶᠢ ᠨᠢ ᠲᠡᠩᠴᠡᠭᠦᠯᠵᠦ ᠤᠷᠤᠯᠳᠤᠭᠠᠨ | ᠮᠥᠷᠥᠶᠢᠴᠡᠭᠡᠨ ᠳᠤ ᠤᠳᠤ ᠬᠡᠶᠢᠮᠤᠷᠢ ᠲᠠᠢ ᠲᠠᠪᠬᠢᠭᠤᠯᠤᠨ᠎ᠠ ᠭᠡᠳᠡᠭ ᠤᠶᠠᠭᠠᠴᠢ ᠬᠥᠮᠥᠨ ᠤ ᠤᠶᠢᠭ᠎ᠠ ᠦᠭᠡᠢ ᠬᠥᠳᠡᠯᠮᠤᠷᠢ | ᠳᠤ ᠰᠢᠷᠭᠠᠭᠤ ᠵᠢᠳᠬᠦᠵᠦ ᠶᠠᠪᠤᠭ᠎ᠠ ᠵᠠᠯᠠᠭᠤ ᠤᠶᠠᠭᠠᠴᠢ ᠰᠠᠶᠢᠨᠪᠠᠶᠠᠷ ᠪᠤᠯ ᠪᠠᠷᠠᠭᠤᠨ ᠥᠵᠥᠮᠥᠴᠢᠨ ᠬᠤᠰᠢᠭᠤᠨ ᠤ | ᠡᠷᠬᠡᠲᠦᠡᠣᠪᠣᠭᠠ ᠭᠠᠴᠠᠭᠠᠨ ᠤ ᠮᠠᠯᠴᠢᠨ ᠶᠤᠮ᠂ ᠬᠠᠷ᠎ᠠ ᠪᠠᠭ᠎ᠠ ᠠᠴᠠ ᠪᠠᠨ ᠬᠤᠷᠳᠤᠨ ᠮᠤᠷᠢᠨ ᠤ ᠨᠢᠷᠤᠭᠤᠨ ᠳᠤ | ᠬᠢᠩᠭᠤᠤᠯᠠᠵᠦ ᠤᠰᠤ ᠨᠤᠳᠤᠭ ᠤᠨ ᠢᠶᠠᠨ ᠤᠪᠤᠭ᠎ᠠ ᠪᠤᠯᠠᠭ ᠤᠨ ᠨᠠᠶᠢᠷ ᠨᠠᠭᠠᠳᠤᠮ ᠢᠶᠠᠷ ᠤᠯᠠᠨᠳᠠ ᠱᠠᠩ ᠬᠡᠰᠢᠭ ᠬᠥᠷᠳᠡᠵᠦ | ᠶᠠᠪᠤᠭᠰᠠᠨ ᠲᠠᠷᠠ ᠬᠤᠷᠳᠤᠨ ᠮᠤᠷᠢᠨ ᠳᠤ ᠠᠷᠭ᠎ᠠ ᠦᠭᠡᠢ ᠬᠤᠷᠤᠬᠠᠶᠢᠳᠠᠢ ᠪᠤᠯᠵᠦ ᠲᠥᠩᠭᠡᠵᠢ ᠯᠠ ᠬᠤᠷᠢ ᠬᠥᠷᠥᠮᠡᠭᠴᠠ ᠪᠡᠶ᠎ᠡ | ᠪᠠᠨ ᠲᠠᠭᠠᠭᠠᠵᠦ ᠮᠤᠷᠢ ᠤᠶᠠᠵᠦ ᠭᠥᠶᠥᠯᠭᠡᠵᠦ ᠤᠳᠤ ᠪᠤᠯᠬᠤ ᠳᠤ ᠬᠤᠷᠢᠭᠠᠳ ᠵᠢᠯ ᠮᠤᠷᠢ ᠤᠶᠠᠭᠰᠠᠨ ᠲᠤᠷᠰᠢᠯᠭ᠎ᠠ ᠲᠠᠢ | ᠬᠠᠰᠢᠷ ᠤᠶᠠᠭᠠᠴᠢ ᠪᠤᠯᠵᠦ ᠤᠯᠠᠨ ᠰᠠᠶᠢᠬᠠᠨ ᠬᠤᠷᠳᠤᠨ ᠮᠤᠷᠢ ᠪᠠᠷ ᠢᠶᠠᠨ ᠤᠰᠤ ᠨᠤᠳᠤᠭ ᠤᠨ ᠢᠶᠠᠨ ᠠᠯᠳᠠᠷ ᠢ ᠡᠷᠭᠦᠵᠦ | ᠶᠠᠪᠤᠨ᠎ᠠ᠃ | ᠬᠠᠮᠤᠭ ᠠᠩᠬ᠎ᠠ 2005 ᠤᠨ ᠳᠤ ᠤᠯᠠᠭᠠᠨᠬᠠᠭᠠᠯᠭ᠎ᠠ ᠰᠤᠮᠤᠨ ᠤ ᠬᠠᠯᠠᠭᠠᠶᠢᠳᠤ ᠶᠢᠨ ᠤᠪᠤᠭᠠᠨ ᠳᠤ ᠬᠤᠯᠠ ᠮᠤᠷᠢ ᠨᠢ | ᠭᠤᠷᠪᠡ ᠳᠤ ᠬᠤᠷᠳᠣᠯᠠᠭᠰᠠᠨ ᠠᠴᠠ ᠨᠠᠰᠢ ᠬᠤᠯᠠ ᠮᠤᠷᠢ᠂ ᠬᠠᠯᠳᠠᠷ ᠠᠵᠢᠷᠭ᠎ᠠ᠂ ᠭᠡᠭᠡᠷ ᠮᠤᠷᠢ ᠵᠡᠷᠭᠡ ᠣᠯᠠᠨ ᠰᠠᠶᠢᠬᠠᠨ | ᠮᠣᠷᠢᠳ ᠨᠢ ᠨᠠᠶᠢᠷ ᠨᠠᠭᠠᠳᠣᠮ ᠳᠤ ᠠᠮᠵᠢᠯᠲᠠ ᠲᠠᠢ ᠣᠷᠣᠯᠴᠠᠵᠣ᠂ ᠬᠤᠷᠢ ᠰᠢᠬᠠᠮ ᠵᠢᠯ ᠮᠤᠷᠢ ᠤᠶᠠᠵᠦ ᠬᠤᠷᠳᠤᠯᠠᠭᠤᠯᠬᠤ | ᠳᠤ ᠪᠠᠨ 20 ᠭᠠᠷᠤᠢ ᠨᠠᠶᠢᠷ ᠤᠨ ᠲᠡᠷᠢᠭᠦᠨ 10 ᠭᠠᠷᠤᠢ ᠤᠳᠠᠭᠠᠨ ᠤ ᠲᠡᠳ᠋ ᠪᠤᠯᠤᠨ ᠤᠯᠠᠨ ᠤᠳᠠᠭᠠᠨ ᠤ ᠠᠶᠢᠷᠠᠭ ᠤᠨ | ᠱᠠᠩ ᠬᠥᠷᠳᠡᠵᠦ ᠪᠠᠷᠠᠭᠤᠨ ᠥᠵᠥᠮᠥᠴᠢᠨ ᠬᠤᠰᠢᠭᠤᠨ ᠤ ︽ᠭᠠᠯ ᠬᠤᠷᠳᠤ︾ ᠤᠶᠠᠭᠠᠴᠢᠳ ᠤᠨ ᠨᠡᠶᠢᠭᠡᠮᠯᠢᠭ ᠤᠨ ︽ | ᠰᠢᠯᠢᠳᠡᠭ ᠤᠶᠠᠭᠠᠴᠢ︾ ᠪᠠᠷ ᠴᠤᠯᠠᠯᠠᠭᠳᠠᠵᠦ ᠬᠥᠷᠰᠢ ᠵᠡᠷᠭᠡᠯᠳᠡᠭᠡ ᠬᠤᠰᠢᠭᠤ ᠨᠤᠳᠤᠭ ᠤᠨ ᠨᠠᠶᠢᠷ ᠨᠠᠭᠠᠳᠤᠮ ᠢᠶᠠᠷ ᠨᠤᠳᠤᠭ | ᠤᠰᠤᠨ ᠤ ᠪᠠᠨ ᠠᠯᠳᠠᠷ ᠢ ᠡᠷᠭᠦᠵᠦ ᠨᠠᠭᠠᠳᠤᠮᠴᠢ ᠲᠥᠮᠡᠨ ᠢᠶᠠᠨ ᠪᠠᠶᠠᠰᠬᠠᠵᠦ ᠶᠠᠪᠤᠨ᠎ᠠ᠃ | |