ᠪᠦᠬᠡ ᠶᠢᠨ ᠦᠯᠦᠭᠡᠢ —— ᠦᠵᠦᠮᠦᠴᠢᠨ | ᠦᠵᠦᠮᠦᠴᠢᠨ ᠳᠤ ᠪᠦᠬᠡ ᠪᠠᠷᠢᠯᠳᠤᠬᠤ ᠨᠢ ᠳᠡᠲᠡᠨ ᠤ ᠠᠯᠳᠠᠷᠳᠤ ᠲᠠᠮᠢᠷ ᠤᠨ ᠬᠦᠳᠡᠯᠭᠡᠭᠡᠨ᠂ ᠨᠡᠷᠡᠳᠤ | ᠰᠤᠶᠤᠯ ᠤᠨ ᠠᠵᠢᠯᠯᠠᠭ᠎ᠠ ᠪᠠᠶᠢᠳᠠᠭ᠃ ᠡᠶᠢᠮᠦ ᠠᠴᠠ ︽ᠦᠵᠦᠮᠦᠴᠢᠨ ᠪᠦᠬᠡ ᠶᠢᠨ ᠦᠯᠦᠭᠡᠢ︾ ᠭᠡᠳᠡᠭ ᠨᠡᠷ᠎ᠡ ᠲᠠᠢ | ᠪᠤᠯᠵᠠᠢ᠃ | ᠦᠵᠦᠮᠦᠴᠢᠨ ᠳᠤ ᠪᠦᠬᠡ ᠪᠠᠷᠢᠯᠳᠤᠬᠤ ᠨᠢ ᠭᠤᠣᠯᠳᠠᠭᠤ ᠲᠡᠳᠡᠨ ᠤ ᠪᠠᠶᠠᠷ ᠳᠤᠷᠠᠰᠬᠠᠯ ᠤᠨ ᠪᠡᠯᠭᠡᠯᠡᠬᠦ | ᠠᠵᠢᠯᠯᠠᠭ᠎ᠠ ᠶᠢᠨ ᠨᠠᠶᠢᠷ ᠨᠠᠭᠠᠳᠤᠮ ᠤᠨ ᠭᠤᠣᠯ ᠨᠢᠭᠡ ᠠᠭᠤᠯᠭ᠎ᠠ ᠪᠠᠷ ᠶᠠᠪᠤᠭᠳᠠᠳᠠᠭ᠃ ᠤᠯᠤᠰ ᠳᠦᠷᠦ ᠶᠢᠨ | ᠪᠡᠯᠭᠡᠯᠡᠨ ᠳᠤᠷᠠᠰᠬᠠᠬᠤ ᠠᠵᠢᠯᠯᠠᠭ᠎ᠠ ᠪᠤᠯᠤᠨ ᠡᠯ᠎ᠡ ᠵᠦᠢᠯ ᠤᠨ ᠤᠯᠠᠨ ᠳᠦᠮᠡᠨ ᠤ ᠴᠢᠭᠤᠯᠭᠠᠨ ᠨᠠᠶᠢᠷ ᠲᠤ ᠪᠦᠷ ᠪᠦᠬᠡ | ᠪᠠᠷᠢᠯᠳᠤᠭᠤᠯᠤᠨ᠎ᠠ᠃ | ᠦᠵᠦᠮᠦᠴᠢᠨ ᠤ ᠪᠦᠬᠡ ᠪᠠᠷᠢᠯᠳᠤᠬᠤ ᠪᠣᠯ ᠨᠢᠭᠡᠨ ᠪᠦᠷᠢᠨ ᠳᠦᠷᠢᠮᠵᠢᠭᠰᠡᠨ ᠰᠢᠰᠲ᠋ᠧᠮᠵᠢᠭᠰᠡᠨ ᠰᠤᠶᠤᠯ ᠤᠨ | ᠠᠵᠢᠯᠯᠠᠭ᠎ᠠ ᠪᠤᠯᠤᠨ᠎ᠠ᠃ ᠴᠠᠭ ᠤᠯᠠᠷᠢᠯ ᠤᠨ ᠲᠠᠯ᠎ᠠ ᠪᠠᠷ ᠵᠣᠨ ᠤ ᠤᠷᠢᠬᠠᠨ ᠰᠠᠶᠢᠬᠠᠨ ᠡᠯᠪᠡᠭ ᠳᠡᠯᠪᠡᠭ ᠴᠠᠭ ᠲᠤᠷ | ᠲᠤᠩ ᠤᠯᠠᠨ ᠨᠠᠭᠠᠳᠤᠮ ᠬᠢᠵᠦ ᠪᠦᠬᠡ ᠪᠠᠷᠢᠯᠳᠤᠨ᠎ᠠ᠃ ᠭᠡᠪᠡᠴᠦ ᠤᠨᠴᠠᠭᠠᠢ ᠪᠠᠶᠢᠳᠠᠯ ᠤᠨ ᠳᠤᠤᠷ᠎ᠠ ᠡᠪᠦᠯ ᠤᠨ | ᠤᠯᠠᠷᠢᠯ ᠪᠠ ᠬᠠᠪᠤᠷ ᠤᠨ ᠴᠠᠭᠠᠨ ᠰᠠᠷ᠎ᠠ ᠶᠢᠨ 15 ᠤ ᠢᠷᠦᠭᠡᠯ ᠳᠤ ᠪᠠᠰᠠ ᠪᠦᠷ ᠪᠦᠬᠡ ᠪᠠᠷᠢᠯᠳᠤᠭᠤᠯᠳᠠᠭ ᠪᠠᠶᠢᠭᠰᠠᠨ | ᠃ | ᠪᠦᠬᠡ ᠪᠠᠷᠢᠯᠳᠤᠬᠤ ᠶᠢ ᠨᠠᠶᠢᠷ ᠨᠠᠭᠠᠳᠤᠮ ᠡᠷᠬᠢᠯᠡᠬᠦ ᠨᠢᠭᠡᠴᠡ ᠪᠤᠶᠤ ᠡᠳᠡᠭᠡᠳ ᠤᠳᠤᠷᠢᠳᠴᠦ ᠶᠠᠪᠤᠭᠤᠯᠤᠨ᠎ᠠ᠃ | ᠪᠦᠬᠡ ᠶᠢᠨ ᠳᠠᠭᠠᠭᠠᠮᠠᠯ᠂ ᠳᠤᠯᠭᠠᠭᠴᠢ᠂ ᠬᠢᠨᠠᠭᠴᠢ᠂ ᠪᠦᠬᠡ ᠳᠠᠷᠤᠭᠴᠢ ᠲᠤᠰ ᠲᠤᠰ ᠲᠠᠭᠠᠨ ᠭᠠᠷᠳᠠᠭ᠃ | ᠨᠤᠭᠤᠯᠤᠭ᠎ᠠ ᠪᠠᠷᠢᠯᠳᠤᠯᠭ᠎ᠠ ᠶᠢᠨ ᠠᠷᠭ᠎ᠠ ᠪᠠᠷ ᠪᠠᠷᠢᠯᠳᠤᠵᠦ᠂ ᠬᠠᠶᠠᠭᠰᠠᠨ ᠨᠢ ᠦᠯᠡᠳᠡᠵᠦ ᠬᠠᠶᠠᠭᠳᠠᠭᠰᠠᠨ ᠨᠢ | ᠬᠠᠰᠤᠭᠳᠠᠵᠤ᠂ ᠳᠡᠭᠡᠭᠰᠢ ᠪᠠᠨ ᠴᠦᠬᠡᠷᠡᠵᠦ ᠳᠡᠰ ᠳᠡᠰ ᠢᠶᠠᠷ ᠬᠤᠴᠦᠷᠴᠦ ᠪᠠᠷᠢᠯᠳᠤᠨ᠂ ᠬᠠᠮᠤᠭ ᠰᠡᠬᠦᠯ ᠳᠤᠨᠢ ︽ | ᠳᠡᠷᠢᠬᠦᠨ ᠪᠦᠬᠡ︾ ᠭᠠᠭᠴᠠᠭᠠᠷ ᠪᠤᠰᠤᠭ᠎ᠠ ᠦᠯᠡᠳᠡᠬᠦ ᠠᠷᠭ᠎ᠠ ᠪᠠᠷ ᠪᠠᠷᠢᠯᠳᠤᠨ᠎ᠠ᠃ | ᠪᠦᠬᠡ ᠶᠢᠨ ᠲᠤᠭ᠎ᠠ ᠶᠢ ᠨᠣᠭᠤᠯᠵᠦ ᠪᠠᠷᠢᠯᠳᠤᠵᠦ᠂ ᠨᠢᠭᠡᠯᠡ ᠳᠡᠷᠢᠬᠦᠨ ᠪᠦᠬᠡ ᠦᠯᠡᠳᠡᠬᠦ ᠳᠤ ᠵᠤᠬᠢᠴᠠᠭᠰᠠᠨ | ᠲᠤᠭ᠎ᠠ ᠪᠠᠷ ᠲᠤᠬᠢᠷᠠᠭᠤᠯᠳᠠᠭ᠃ 8᠂ 16᠂ 32᠂ 64᠂ 128᠂ 256᠂ 512 ᠨᠡᠷ᠎ᠡ ᠪᠦᠬᠡ ᠭᠡᠵᠦ | ᠳᠠᠭᠠᠷᠠᠨ᠎ᠠ᠃ ᠪᠦᠬᠡ ᠶᠢᠨ ᠲᠤᠭ᠎ᠠ ᠶᠢᠨ ᠤᠯᠠᠨ ᠴᠦᠬᠡᠨ ᠨᠢ ᠨᠠᠶᠢᠷ ᠤᠨ ᠶᠡᠭᠡ ᠪᠠᠭ᠎ᠠ ᠪᠠᠷ ᠲᠤᠭᠲᠠᠭᠠᠭᠳᠠᠵᠣ᠂ ᠶᠡᠭᠡ | ᠨᠠᠶᠢᠷ ᠲᠤ ᠤᠯᠠᠨ ᠪᠦᠬᠡ ᠪᠠᠷᠢᠯᠳᠤᠭᠤᠯᠤᠨ᠎ᠠ᠃ ᠭᠡᠬᠦ ᠳᠤ 1024 ᠨᠡᠷ᠎ᠡ ᠪᠦᠬᠡ ᠪᠠᠷᠢᠯᠳᠤᠭᠰᠠᠨ ᠨᠠᠶᠢᠷ ᠬᠠᠮᠤᠭ ᠤᠨ | ᠶᠡᠭᠡ ᠨᠠᠶᠢᠷ ᠪᠠᠶᠢᠵᠠᠢ᠃ ᠭᠡᠪᠡᠴᠦ ᠤᠨᠴᠠᠭᠠᠢ ᠳᠡᠭᠡᠳᠤ ᠳᠡᠰ ᠤᠨ ᠨᠠᠶᠢᠷ ᠲᠤ ᠪᠠᠰᠠ ᠰᠢᠯᠢᠳᠡᠭ ᠴᠦᠬᠡᠨ ᠪᠦᠬᠡ | ᠪᠠᠷᠢᠯᠳᠤᠭᠤᠯᠬᠤ ᠳᠦᠷᠢᠮ ᠪᠠᠶᠢᠳᠠᠭ᠃ ᠲᠤᠬᠠᠶᠢᠯᠠᠪᠠᠯ ︽ᠰᠢᠯᠢᠳᠡᠭ 16 ᠨᠡᠷ᠎ᠡ ᠪᠦᠬᠡ︾᠂ ︽ᠰᠢᠯᠢᠳᠡᠭ 32 ᠨᠡᠷ᠎ᠡ | ᠪᠦᠬᠡ︾ ᠪᠠᠷᠢᠯᠳᠤᠭᠤᠯᠵᠦ ᠦᠵᠡᠭᠦᠯᠦᠯᠭᠡ ᠭᠠᠷᠭᠠᠳᠠᠭ᠃ | ᠦᠵᠦᠮᠦᠴᠢᠨ ᠳᠤ ᠪᠦᠬᠡ ᠪᠠᠷᠢᠯᠳᠤᠬᠤ ᠨᠢ ᠪᠡᠶ᠎ᠡ ᠪᠠᠨ ᠳᠠᠭᠠᠭᠠᠭᠰᠠᠨ ᠪᠡᠶ᠎ᠡ ᠲᠠᠮᠢᠷ ᠤᠨ ᠰᠢᠰᠲ᠋ᠧᠮᠳᠤ ᠠᠵᠢᠯᠯᠠᠭ᠎ᠠ | ᠪᠤᠯᠬᠤᠷ ᠲᠤᠭᠳᠠᠭᠰᠠᠨ ᠲᠤᠭ᠎ᠠ ᠲᠠᠢ᠂ ᠠᠷᠭ᠎ᠠ ᠬᠡᠮᠵᠢᠶ᠎ᠡ ᠲᠠᠢ ᠪᠠᠷ ᠪᠠᠷᠠᠬᠤ ᠦᠭᠡᠢ ᠪᠠᠰᠠ ᠲᠤᠭᠲᠠᠭᠰᠠᠨ ᠬᠤᠶᠠᠭᠯᠠᠯ᠂ | ᠲᠤᠭᠲᠠᠭᠰᠠᠨ ᠮᠡᠷᠭᠡᠵᠢᠯ᠂ ᠲᠤᠭᠲᠠᠭᠰᠠᠨ ᠶᠤᠰᠤ᠂ ᠲᠤᠭᠲᠠᠭᠰᠠᠨ ᠱᠠᠩᠨᠠᠯ ᠵᠡᠷᠭᠡ ᠪᠠᠷᠢᠮᠵᠢᠶᠠᠳᠤ ᠳᠦᠷᠢᠮ ᠲᠠᠢ᠂ | ᠤᠷᠠᠯᠢᠭ ᠤᠨ ᠮᠡᠷᠭᠡᠵᠢᠯ ᠤᠨ ᠰᠤᠶᠤᠯ ᠤᠨ ᠤᠯᠠᠨ ᠳᠦᠮᠡᠨᠴᠢ ᠠᠵᠢᠯᠯᠠᠭ᠎ᠠ ᠪᠤᠯᠤᠨ᠎ᠠ᠃ ᠦᠵᠦᠮᠦᠴᠢᠨ ᠭᠡᠤᠭᠡᠳ 6 | ~ 7 ᠨᠠᠰᠤᠳᠠᠢ ᠠᠴᠠ ᠪᠠᠨ ᠮᠣᠷᠢ ᠤᠨᠤᠬᠤ ᠲᠠᠢ ᠵᠡᠷᠭᠡ ᠪᠠᠷᠢᠯᠳᠤᠵᠦ ᠪᠤᠯᠪᠠᠰᠤᠷᠠᠵᠦ ᠡᠬᠢᠯᠡᠳᠡᠭ᠃ ᠭᠡᠤᠭᠡᠳ ᠤᠨ | ᠪᠦᠬᠡ ᠪᠠᠷᠢᠯᠳᠤᠬᠤ ᠪᠣᠯ ᠦᠵᠦᠮᠦᠴᠢᠨ ᠪᠦᠬᠡ ᠪᠠᠷᠢᠯᠳᠤᠬᠤ ᠶᠢᠨ ᠴᠢᠬᠤᠯᠠ ᠠᠭᠤᠯᠭ᠎ᠠ ᠪᠦᠭᠡᠳ ᠮᠡᠷᠭᠡᠵᠢᠯ ᠤᠨ | ᠰᠤᠷᠭᠠᠭᠤᠯᠢᠯᠠᠯ ᠮᠦᠨ᠃ ᠵᠠᠩᠭᠢᠶᠡ᠂ ᠠᠯᠲᠠ ᠮᠦᠩᠭᠦᠨ ᠪᠤᠯᠢᠭᠠᠷᠢ ᠰᠢᠷᠢ ᠶᠢᠨ ᠵᠤᠳᠤᠭ᠂ ᠴᠠᠭᠠᠨ ᠠᠭᠤᠳᠠᠮ | ᠦᠮᠦᠳᠤ ᠲᠤᠤᠰᠢᠭᠤ᠂ ᠮᠣᠩᠭᠤᠯ ᠭᠤᠲᠤᠯ᠂ ᠰᠠᠪᠰᠠᠯᠭ᠎ᠠ ᠵᠡᠷᠭᠡ ᠬᠤᠶᠠᠭᠯᠠᠯ ᠴᠢᠮᠡᠭᠯᠡᠯ ᠤᠨ ᠲᠤᠰᠬᠠᠢ ᠡᠳ᠋ᠯᠡᠯ ᠬᠢᠭᠡᠳ | ᠲᠤᠯᠭᠠᠬᠤ᠂ ᠲᠠᠯᠪᠢᠬᠤ᠂ ᠲᠠᠭᠠᠷᠠᠭᠤᠯᠬᠤ ︵ᠲᠠᠯᠠᠪᠠᠢ ᠳᠤᠳᠤᠷ᠎ᠠ︶ ᠬᠠᠶᠠᠵᠦ᠂ ᠬᠠᠶᠢᠨᠴᠢᠵᠦ᠂ ᠬᠠᠶᠠᠭᠳᠠᠭᠰᠠᠨ ᠢ | ᠲᠤᠭᠲᠠᠭᠠᠬᠤ ᠬᠢᠨᠠᠭᠴᠢ ᠶᠢᠨ ᠪᠠᠷᠢᠮᠵᠢᠶᠠᠳᠤ ᠳᠦᠷᠢᠮ᠂ ᠮᠦᠩᠭᠦᠨ ᠪᠤᠶᠢᠯᠠ ᠲᠠᠢ ᠴᠠᠭᠠᠨ ᠳᠡᠮᠡᠭᠡ ᠳᠦᠷᠦᠭᠦᠦ ᠲᠠᠢ ︽ | ᠶᠢᠰᠦ ᠶᠢᠰᠦ ᠶᠢᠨ ᠨᠠᠶᠠᠨ ᠨᠢᠭᠡᠨ ᠪᠡᠯᠡᠭ︾ ᠤᠨ ᠱᠠᠩ ᠣᠯᠭᠤᠬᠤ ᠶᠤᠰᠤ ᠵᠡᠷᠭᠡ ᠨᠢ ᠪᠦᠷ ᠦᠵᠦᠮᠦᠴᠢᠨ ᠪᠦᠬᠡ ᠶᠢᠨ | ᠦᠪᠡᠷᠮᠢᠴᠡ ᠤᠨᠴᠠᠯᠢᠭ ᠪᠦᠬᠦᠢ ᠰᠤᠶᠤᠯ ᠤᠨ ᠬᠡᠪᠰᠢᠯ ᠪᠠᠶᠢᠳᠠᠭ᠃ | ᠦᠵᠦᠮᠦᠴᠢᠨ ᠬᠤᠷᠸ᠎ᠠ ᠶᠢᠨ ᠳᠡᠤᠬᠡᠨ ᠳᠡᠭᠡᠷ᠎ᠡ ︽ᠪᠦᠬᠡ ᠶᠢᠨ ᠦᠯᠦᠭᠡᠢ︾ ᠭᠡᠵᠦ ᠠᠯᠳᠠᠷᠰᠢᠭᠰᠠᠨ ᠤ ᠬᠤᠪᠢ ᠳᠤ | ᠬᠦᠭᠵᠢᠯ ᠤᠨ ᠴᠠᠭ ᠦᠶ᠎ᠡ ᠪᠦᠬᠦᠨ ᠳᠡᠭᠡᠨ ᠤᠯᠤᠰ ᠦᠨᠳᠦᠰᠦᠳᠡᠨ ᠪᠠ ᠳᠤᠳᠤᠭᠠᠳᠤ ᠭᠠᠳᠠᠭᠠᠳᠤ ᠳᠤ ᠠᠯᠳᠠᠷ ᠲᠠᠢ | ︽ᠠᠪᠤᠷᠭᠤ ᠪᠦᠬᠡ︾ ᠳᠠᠰᠤᠷᠠᠭ᠎ᠠ ᠦᠭᠡᠢ ᠮᠡᠨᠳᠦᠯᠡᠵᠦ ᠢᠷᠡᠵᠡᠢ᠃ ᠳᠦᠬᠦᠷᠡᠩᠵᠠᠭᠠᠨᠠ ᠪᠣᠯ ᠳᠡᠲᠡᠨ ᠤ ᠳᠤᠳᠤᠷᠠᠬᠢ | ᠶᠢᠷᠳᠢᠨᠴᠦ ᠳᠤ ᠮᠦᠩᠬᠡᠷᠡᠭᠰᠡᠨ ᠳᠦᠯᠦᠭᠡᠯᠡᠭᠴᠢ ᠪᠤᠯᠤᠨ᠎ᠠ᠃ ᠤᠶᠢᠷ᠎ᠠ ᠦᠶ᠎ᠡ ᠳᠤ ᠪᠠᠰᠠ ᠪᠦᠳᠦᠭᠦᠨ ᠵᠢᠷᠭᠠᠯ᠂ | ᠡᠷᠬᠢᠮᠪᠠᠳᠤ᠂ ᠪᠤᠶᠠᠨᠴᠤᠭᠳᠤ᠂ ᠪᠦᠳᠦᠭᠦᠨ ᠶᠤᠨᠳᠤᠨ ᠵᠡᠷᠭᠡ ᠪᠦᠬᠡᠴᠦᠳ ᠪᠠᠰᠠ ᠳᠤᠳᠤᠭᠠᠤ ᠭᠠᠳᠠᠭᠠᠳᠤ ᠳᠤ ᠠᠯᠳᠠᠷ | ᠴᠤᠤ ᠪᠠᠨ ᠮᠠᠨᠳᠤᠭᠤᠯᠵᠦ ᠶᠠᠪᠤᠵᠠᠢ᠃ | |