ᠦᠵᠦᠮᠦᠴᠢᠨ ᠮᠣᠩᠭᠤᠯᠴᠤᠳ ᠤᠨ ᠬᠥᠬᠡᠭᠡ ᠰᠠᠷ᠎ᠠ ᠶᠢᠨ ᠬᠤᠷᠢᠨ ᠭᠤᠷᠪᠠᠨ ᠳᠤ ᠭᠠᠯ ᠲᠠᠬᠢᠬᠤ ᠶᠤᠰᠤᠨ | ᠭᠠᠯ ᠢ ᠰᠢᠳᠦᠵᠦ᠂ ᠭᠠᠯ ᠢ ᠲᠠᠬᠢᠬᠤ ᠨᠢ ᠮᠠᠨ ᠤ ᠮᠣᠩᠭᠤᠯ ᠦᠨᠳᠦᠰᠦᠳᠡᠨ ᠤ ᠡᠷᠲᠡ ᠳᠡᠭᠡᠷ᠎ᠡ ᠦᠶ᠎ᠡ ᠠᠴᠠ | ᠤᠯᠠᠮᠵᠢᠯᠠᠭᠳᠠᠭᠰᠠᠭᠠᠷ ᠢᠷᠡᠭᠰᠡᠨ ᠵᠠᠩ ᠳᠠᠳᠬᠠᠯ ᠪᠠ ᠶᠤᠰᠤ ᠵᠢᠷᠤᠮ ᠤᠨ ᠨᠢᠭᠡ ᠪᠤᠯᠤᠨ᠎ᠠ᠃ | ᠦᠵᠦᠮᠦᠴᠢᠨ ᠮᠣᠩᠭᠤᠯᠴᠤᠳ ᠪᠤᠰᠤᠳ ᠤᠯᠠᠩᠬᠢ ᠭᠠᠵᠠᠷ ᠤᠷᠤᠨ ᠲᠠᠢ ᠠᠳᠠᠯᠢ ᠪᠠᠷ ᠵᠢᠯ ᠪᠦᠷᠢ ᠶᠢᠨ | ᠪᠢᠯᠢᠭ ᠤᠨ ᠣᠯᠠᠷᠢᠯ ᠤᠨ ᠡᠪᠦᠯ ᠤᠨ ᠰᠡᠭᠦᠯ ᠰᠠᠷ᠎ᠠ ᠶᠢᠨ ᠬᠤᠷᠢᠨ ᠭᠤᠷᠪᠠᠨ ᠤ ᠡᠳᠦᠷ ᠭᠠᠯ ᠢᠶᠠᠨ ᠲᠠᠬᠢᠳᠠᠭ ᠶᠤᠮ᠃ | ᠡᠶᠢᠮᠦ ᠠᠴᠠ ᠳᠡᠲᠡ ᠡᠨᠡ ᠡᠳᠦᠷ ᠢ ︽ᠭᠠᠯ ᠲᠠᠬᠢᠬᠤ ᠶᠢᠨ ᠬᠤᠷᠢᠨ ᠭᠤᠷᠪᠠᠨ︾ ᠭᠡᠵᠡᠭᠡᠳᠡᠭ ᠪᠢᠯᠡ᠃ ᠬᠤᠷᠢᠨ | ᠭᠤᠷᠪᠠᠨ ᠤ ᠡᠳᠦᠷ ᠪᠣᠯᠬᠤ ᠳᠤ ᠤᠯᠠᠩᠬᠢ ᠠᠶᠢᠯ ᠤᠳ ᠭᠡᠷ ᠤᠨ ᠤᠳᠤᠭ᠎ᠠ ᠪᠠᠨ ᠱᠦᠭᠦᠷᠳᠡᠨ ᠳᠤᠭᠤᠰᠤ ᠪᠠᠨ | ᠭᠦᠪᠢᠵᠦ᠂ ᠭᠡᠷ ᠢᠶᠠᠨ ᠴᠡᠪᠡᠷᠯᠡᠨ ᠬᠤᠭ ᠢᠶᠠᠨ ᠠᠷᠢᠯᠭᠠᠳᠠᠭ ᠪᠣᠯᠬᠤᠷ ᠭᠠᠯ ᠲᠠᠬᠢᠬᠤ ᠨᠢ ᠬᠡᠷᠡᠭ ᠳᠡᠭᠡᠷ᠎ᠡ ᠪᠠᠨ ᠵᠢᠯ | ᠴᠠᠭᠠᠨ ᠰᠠᠷ᠎ᠠ ᠪᠠᠨ ᠤᠭᠲᠤᠬᠤ ᠠᠵᠢᠯᠯᠠᠭᠠᠨ ᠤ ᠬᠦᠰᠢᠭᠡ ᠨᠡᠭᠡᠭᠡᠭᠳᠡᠭᠰᠡᠨ ᠢ ᠬᠠᠷᠠᠭᠤᠯᠵᠦ ᠪᠠᠶᠢᠭ᠎ᠠ ᠶᠤᠮ᠃ | ᠦᠵᠦᠮᠦᠴᠢᠨᠴᠤᠳ ᠬᠤᠷᠢᠨ ᠭᠤᠷᠪᠠᠨ ᠤ ᠡᠳᠦᠷ ᠭᠠᠯ ᠢᠶᠠᠨ ᠲᠠᠬᠢᠭᠰᠠᠨ ᠤ ᠲᠠᠷᠠᠭ᠎ᠠ ᠴᠠᠭᠠᠨ ᠰᠠᠷ᠎ᠠ ᠪᠠᠨ ᠤᠭᠳᠤᠨ | ᠪᠡᠯᠭᠡᠯᠡᠬᠦ ᠠᠵᠢᠯᠯᠠᠭ᠎ᠠ ᠪᠠᠨ ᠡᠬᠢᠯᠡᠬᠦᠯᠵᠦ᠂ ᠭᠡᠷ ᠢᠶᠠᠨ ᠴᠢᠮᠡᠭᠯᠡᠵᠦ ᠪᠤᠷᠬᠠᠨ ᠢᠶᠠᠨ ᠲᠠᠬᠢᠬᠤ᠂ ᠦᠨᠳᠦᠷ ᠨᠠᠰᠤᠳᠠᠨ | ᠳᠠᠭᠠᠨ ᠨᠠᠰᠤᠨ ᠤ ᠪᠠᠶᠠᠷ ᠬᠢᠬᠦ᠂ ᠵᠢᠯ ᠤᠷᠤᠭᠰᠠᠳ ᠲᠠᠭᠠᠨ ᠵᠢᠯ ᠢ ᠨᠢ ᠤᠷᠤᠭᠤᠯᠬᠤ᠂ ᠪᠢᠳᠡᠭᠦᠦ ᠳᠤᠯᠤᠭᠠᠢ ᠪᠠᠨ | ᠵᠢᠭᠠᠵᠦ ᠪᠢᠳᠡᠭᠦᠯᠡᠬᠦ ᠵᠡᠷᠭᠡ ᠠᠵᠢᠯᠯᠠᠭ᠎ᠠ ᠪᠠᠨ ᠬᠤᠶᠢᠨ᠎ᠠ ᠬᠤᠶᠢᠨ᠎ᠠ ᠠᠴᠠ ᠨᠢ ᠦᠷᠭᠦᠯᠵᠢᠯᠡᠬᠦᠯᠳᠡᠭ ᠪᠣᠯᠬᠤᠷ ᠰᠢᠨᠡᠯᠡᠬᠦ | ᠤᠶᠢᠷᠠᠳᠬᠤ ᠲᠠᠢ ᠵᠡᠷᠭᠡ ᠦᠵᠦᠮᠦᠴᠢᠨ ᠨᠤᠲᠤᠭ ᠲᠤ ᠶᠠᠭ ᠯᠡ ᠬᠤᠷᠸ᠎ᠠ ᠶᠢᠷᠳᠢᠨᠴᠦ ᠭᠦᠨ ᠨᠦᠢᠷ ᠠᠴᠠ ᠪᠠᠨ | ᠭᠡᠨᠡᠳᠲᠡ ᠰᠡᠷᠡᠭᠰᠡᠨ ᠰᠢᠭ ᠪᠣᠯᠵᠦ᠂ ᠭᠠᠯ ᠲᠠᠬᠢᠭᠰᠠᠨ ᠠᠴᠠ ᠠᠪᠤᠭᠠᠳ ᠴᠠᠭᠠᠨ ᠰᠠᠷ᠎ᠠ ᠶᠢᠨ ᠡᠬᠢ ᠪᠤᠯᠲᠠᠯᠠᠬᠢ | ᠠᠷᠪᠠᠭᠠᠳ ᠬᠤᠨᠤᠭ ᠤᠨ ᠳᠤᠳᠤᠷ᠎ᠠ ᠠᠶᠢᠯ ᠪᠦᠬᠦᠨ ᠬᠦᠷ ᠬᠦᠭᠵᠢᠶᠡᠨ ᠢᠶᠠᠷ ᠪᠢᠯᠬᠠᠨ᠂ ᠬᠠᠬᠢᠷ ᠡᠪᠦᠯ ᠬᠠᠪᠤᠷ ᠤᠨ | ᠠᠭᠤᠷ ᠢᠶᠠᠷ ᠰᠤᠯᠢᠭᠳᠠᠳᠠᠭ᠃ ᠡᠶᠢᠮᠦ ᠠᠴᠠ ᠬᠤᠷᠢᠨ ᠭᠤᠷᠪᠠᠨ ᠤ ᠭᠠᠯ ᠲᠠᠬᠢᠬᠤ ᠶᠤᠰᠤᠨ ᠪᠣᠯ | ᠦᠵᠦᠮᠦᠴᠢᠨᠴᠤᠳ ᠤᠨ ᠬᠠᠤᠯᠢ ᠪᠠᠷ ᠲᠤᠭᠳᠠᠭᠠᠭᠰᠠᠨ ᠦᠭᠡᠢ ᠬᠠᠤᠯᠢ ᠮᠦᠨ ᠭᠡᠵᠦ ᠪᠤᠯᠤᠨ᠎ᠠ᠃ | ᠦᠵᠦᠮᠦᠴᠢᠨ ᠮᠣᠩᠭᠤᠯᠴᠤᠳ ᠤᠨ ᠭᠠᠯ ᠲᠠᠬᠢᠬᠤ ᠶᠤᠰᠤ ᠨᠢ ᠮᠠᠰᠢ ᠨᠠᠷᠢᠨ ᠳᠦᠷᠢᠮ ᠲᠠᠢ᠂ ᠳᠡᠰ ᠲᠠᠷᠠᠭ᠎ᠠ ᠲᠠᠢ | ᠂ ᠡᠮᠬᠢ ᠲᠢᠭᠯᠢᠮ ᠲᠠᠢ ᠪᠠᠷ ᠶᠠᠪᠤᠭᠳᠠᠳᠠᠭ᠃ ᠡᠨᠡ ᠡᠳᠦᠷ ᠬᠦᠷᠴᠦ ᠢᠷᠡᠬᠦ ᠳᠤ ᠦᠵᠦᠮᠦᠴᠢᠨ ᠮᠠᠯᠴᠢᠳ ᠦᠥᠷ ᠤᠨ | ᠴᠤᠯᠮᠤᠨ ᠢ ᠤᠭᠳᠤᠨ ᠪᠤᠰᠴᠦ᠂ ᠮᠣᠩᠭᠤᠯ ᠭᠡᠷ ᠤᠨ ᠢᠶᠠᠨ ᠲᠤᠭᠤᠨᠤ ᠪᠠᠷ ᠤᠳᠤᠭ᠎ᠠ ᠰᠤᠭᠤᠨᠠᠭᠯᠠᠭᠤᠯᠤᠨ᠂ ᠨᠢᠭᠡ | ᠲᠠᠯ᠎ᠠ ᠪᠠᠷ ᠲᠤᠰ ᠡᠳᠦᠷ ᠤᠨ ᠦᠢᠯᠡᠳᠪᠤᠷᠢᠯᠡᠯ ᠢᠶᠠᠨ ᠲᠤᠬᠢᠳᠠᠢ ᠰᠠᠶᠢᠬᠠᠨ ᠪᠠᠶᠢᠷᠢᠯᠠᠭᠤᠯᠵᠦ᠂ ᠨᠦᠭᠦᠭᠡ ᠲᠠᠯ᠎ᠠ ᠪᠠᠷ | ᠭᠠᠯ ᠲᠠᠬᠢᠬᠤ ᠪᠡᠯᠡᠳᠬᠡᠯ ᠠᠵᠢᠯ ᠢᠶᠠᠨ ᠬᠢᠵᠦ ᠡᠬᠢᠯᠡᠳᠡᠭ᠃ | ᠦᠵᠦᠮᠦᠴᠢᠨ ᠮᠣᠩᠭᠤᠯᠴᠤᠳ ᠬᠤᠷᠢᠨ ᠭᠤᠷᠪᠠᠨ ᠤ ᠭᠠᠯ ᠲᠠᠬᠢᠬᠤ ᠠᠵᠢᠯᠯᠠᠭ᠎ᠠ ᠪᠠᠨ ᠭᠠᠯ ᠤᠨ ᠴᠠᠢ | ᠤᠤᠭᠤᠯᠭᠠᠬᠤ ᠠᠴᠠ ᠡᠬᠢᠯᠡᠬᠦᠯᠳᠡᠭ ᠶᠤᠮ᠃ ᠬᠤᠲᠠ ᠤᠰᠤᠨ ᠤ ᠪᠠᠨ ᠬᠦᠮᠦᠰ ᠲᠡᠭᠡᠨ ᠭᠠᠯ ᠤᠨ ᠴᠠᠢ | ᠤᠤᠭᠤᠯᠭᠠᠬᠤ ᠶᠢᠨ ᠲᠤᠯᠠᠳᠠ ᠲᠤᠰ ᠡᠳᠦᠷ ᠦᠵᠦᠮᠦᠴᠢᠨ ᠪᠦᠰᠡᠬᠦᠶᠢᠴᠤᠳ ᠤᠨ ᠪᠤᠷᠪᠢ ᠪᠤᠰᠤᠭ᠎ᠠ ᠪᠠᠷ ᠡᠷᠬᠢᠯᠳᠦᠵᠦ | ᠂ ᠨᠢᠭᠡ ᠨᠢᠭᠡᠨ ᠲᠠᠢ ᠪᠠᠨ ᠮᠦᠴᠡᠭᠡᠷᠭᠡᠨ ᠡᠨᠡ ᠨᠢᠭᠡ ᠨᠢ ︽ᠮᠠᠨᠠᠶᠢᠬᠢ ᠠᠴᠠ ᠡᠬᠢᠯᠡᠶ᠎ᠡ︾ ᠭᠡᠬᠦ ᠳᠤ᠂ ᠲᠡᠷᠡ ᠨᠢᠭᠡ ᠨᠢ | ᠪᠠᠰᠠ ︽ᠮᠠᠨᠠᠶᠢᠬᠢ ᠠᠴᠠ ᠡᠬᠢᠯᠡᠶ᠎ᠡ︾ ᠭᠡᠵᠦ ᠬᠠᠷᠢᠯᠴᠠᠨ ᠪᠤᠯᠢᠶᠠᠯᠴᠠᠭᠠᠨ ᠪᠤᠯᠵᠦ ᠠᠶᠢᠯ ᠠᠶᠢᠮᠠᠭ᠂ ᠬᠤᠲᠠ ᠤᠰᠤ᠂ | ᠠᠬ᠎ᠠ ᠳᠡᠭᠦᠦ ᠰᠠᠳᠤᠨ ᠤ ᠳᠠᠭᠠᠨ ᠬᠦᠷᠴᠦ᠄ ︽ᠭᠠᠯ ᠲᠠᠬᠢᠨ᠎ᠠ᠂ ᠴᠠᠢ ᠤᠤᠭᠤᠭᠠᠷᠠᠢ᠂ ᠲᠠᠨ ᠢ ᠵᠠᠯᠠᠵᠦ ᠪᠠᠶᠢᠨ᠎ᠠ︾ | ᠭᠡᠵᠦ ᠬᠠᠷᠢᠯᠴᠠᠨ ᠵᠠᠯᠠᠯᠭ᠎ᠠ ᠲᠠᠯᠪᠢᠵᠦ᠂ ᠬᠠᠷᠢᠯᠴᠠᠨ ᠨᠢᠭᠡ ᠨᠢᠭᠡᠨ ᠳᠡᠭᠡᠨ ᠭᠠᠯ ᠤᠨ ᠴᠠᠢ ᠤᠤᠭᠤᠯᠭᠠᠳᠠᠭ᠃ | ᠭᠠᠯ ᠤᠨ ᠴᠠᠢ ᠤᠤᠭᠤᠯᠭᠠᠬᠤ ᠳᠤ᠂ ᠬᠠᠮᠤᠭ ᠳᠦᠷᠦᠭᠦᠨ ᠳᠤ ᠪᠦᠰᠡᠬᠦᠶᠢᠴᠤᠳ ᠠᠯᠳᠠᠨ ᠰᠢᠷ᠎ᠠ ᠮᠤᠳᠤᠨ ᠠᠶᠠᠭ᠎ᠠ | ᠪᠤᠶᠤ ᠤᠷᠠᠯᠢᠭ ᠬᠢᠴᠡ ᠲᠠᠢ ᠮᠦᠩᠭᠦᠨ ᠠᠶᠠᠭᠠᠨ ᠳᠠᠭᠠᠨ ᠬᠠᠭᠤᠷᠤᠭᠰᠠᠨ ᠪᠤᠳᠠᠭ᠎ᠠ᠂ ᠦᠷᠦᠮ᠎ᠡ ᠲᠤᠰᠤ᠂ ᠪᠤᠷᠠᠮ | ᠰᠢᠬᠢᠷ᠂ ᠬᠤᠷᠤᠳ ᠠᠭᠠᠷᠤᠤᠯ ᠢ ᠳᠦᠭᠦᠷᠳᠡᠯ᠎ᠡ ᠬᠢᠵᠦ᠂ ᠳᠡᠭᠡᠷ᠎ᠡ ᠠᠴᠠ ᠨᠢ ᠬᠠᠩᠬᠤᠯᠤᠮ᠎ᠠ ᠦᠨᠦᠷ ᠲᠠᠢ ᠰᠦ ᠲᠠᠢ | ᠴᠠᠢ ᠪᠠᠨ ᠠᠶᠠᠭᠠᠯᠠᠭᠠᠳ ᠠᠬᠠᠮᠠᠳ ᠨᠠᠰᠤᠳᠠᠨ᠂ ᠬᠦᠨᠳᠤᠳᠤ ᠵᠣᠴᠢᠨ ᠠᠴᠠ ᠡᠬᠢᠯᠡᠨ ᠪᠠᠷᠢᠳᠠᠭ᠃ ᠳᠠᠷᠠᠭ᠎ᠠ ᠨᠢ | ᠯᠤᠤ ᠶᠢᠨ ᠬᠤᠸᠠᠷ ᠲᠠᠢ ᠫᠢᠯᠡᠨ ᠳᠠᠭᠠᠨ ᠶᠠᠩᠵᠦ ᠶᠠᠩᠵᠦ ᠪᠠᠷ ᠦᠷᠦᠵᠦ ᠵᠠᠰᠠᠭᠰᠠᠨ ᠴᠠᠭᠠᠨ ᠢᠳᠡᠭᠡ ᠪᠠᠨ ᠬᠤᠶᠠᠷ | ᠭᠠᠷ ᠢᠶᠠᠷ ᠢᠶᠠᠨ ᠪᠠᠷᠢᠵᠦ ᠬᠦᠮᠦᠨ ᠪᠦᠷᠢ ᠳᠤ ᠨᠢᠭᠡ ᠨᠢᠭᠡ ᠪᠠᠷ ᠠᠮᠰᠠᠭᠤᠯᠳᠠᠭ᠃ ᠢᠩᠭᠢᠭᠰᠡᠨ ᠤ ᠰᠡᠭᠦᠯᠡᠷ | ᠰᠠᠭᠠᠯᠢ ᠶᠢᠨ ᠠᠷᠢᠬᠢ ᠰᠠᠷᠬᠤᠳ ᠤᠨ ᠳᠡᠭᠡᠵᠢ ᠪᠠᠨ ᠰᠦᠩᠨᠡᠨ ᠪᠠᠷᠢᠳᠠᠭ᠃ ᠡᠭᠦᠨ ᠢ ᠳᠡᠲᠡ ︽ᠴᠠᠢ ᠠᠶᠠᠭᠠᠯᠠᠨ᠂ | ᠴᠠᠭᠠᠨ ᠢᠳᠡᠭᠡ ᠪᠠᠷᠢᠵᠦ᠂ ᠠᠷᠢᠬᠢ ᠬᠡᠮᠨᠡᠬᠦ ᠶᠤᠰᠤᠨ︾ ᠭᠡᠵᠦ ᠬᠡᠯᠡᠳᠡᠭ ᠶᠤᠮ᠃ ᠴᠢᠩᠭᠢᠭᠡᠳ ᠥᠳᠡ ᠦᠩᠭᠡᠷᠡᠵᠦ᠂ | ᠨᠠᠷᠠ ᠪᠠᠷᠠᠭᠤᠨᠰᠢ ᠲᠠᠰᠢᠬᠤ ᠲᠠᠢ ᠵᠡᠷᠭᠡ ᠲᠡᠳᠡ ᠠᠯᠢ ᠡᠷᠲᠡ 10 ᠰᠠᠷ᠎ᠠ ᠶᠢᠨ ᠦᠶ᠎ᠡ ᠪᠠᠷ ᠡᠪᠦᠯ ᠤᠨ ᠢᠳᠡᠰᠢ ᠪᠠᠨ | ᠪᠡᠯᠡᠳᠬᠡᠬᠦ ᠥᠶ᠎ᠡ ᠳᠤ ︽ᠭᠠᠯ ᠤᠨ ᠪᠤᠷᠬᠠᠨ ᠤ ᠬᠤᠷᠠᠭ᠎ᠠ︾ ᠬᠡᠮᠡᠨ ᠭᠠᠯ ᠲᠠᠬᠢᠬᠤ ᠳᠤ ᠵᠤᠷᠢᠭᠤᠯᠵᠦ ᠤᠷᠢᠳᠴᠢᠯᠠᠨ | ᠪᠡᠯᠡᠳᠬᠡᠵᠦ ᠲᠠᠯᠪᠢᠭᠰᠠᠨ ᠪᠦᠬᠦᠯᠢ ᠬᠤᠷᠠᠭᠠᠨ ᠰᠢᠭᠦᠰᠦ ᠪᠠᠨ ᠡᠪᠳᠡᠵᠦ᠂ ᠭᠠᠯ ᠲᠠᠬᠢᠬᠤ ᠡᠪᠴᠢᠭᠦᠦ ᠪᠠ | ᠲᠠᠶᠢᠯᠠᠯᠭ᠎ᠠ ᠳᠤ ᠬᠡᠷᠡᠭᠯᠡᠬᠦ ᠮᠢᠬ᠎ᠠ ᠪᠠᠨ ᠴᠢᠨᠠᠵᠦ ᠪᠤᠯᠭᠤᠳᠠᠭ᠃ ᠤᠷᠤᠢ ᠪᠤᠯᠵᠦ ᠡᠳᠦᠷ ᠤᠨ ᠠᠵᠢᠯ ᠦᠨᠳᠦᠷᠯᠡᠨ᠂ | ᠠᠳᠤᠭᠤ ᠪᠠᠨ ᠵᠠᠯᠠᠵᠦ ᠬᠤᠨᠢ ᠪᠠᠨ ᠬᠤᠲᠠᠯᠠᠨ᠂ ᠦᠬᠡᠷ ᠢᠶᠠᠨ ᠬᠤᠷᠢᠶᠠᠵᠤ ᠠᠭᠲᠠ ᠪᠠᠨ ᠠᠷᠭᠠᠮᠵᠢᠴᠢᠬᠠᠪᠠᠯ᠂ ᠬᠤᠲᠠ | ᠤᠰᠤᠨ ᠤ ᠵᠡᠷᠭᠡᠯᠡᠳᠡᠭᠡ ᠠᠶᠢᠯ ᠡᠷᠦᠬᠡ ᠨᠦᠭᠦᠳ ᠬᠤᠭᠤᠷᠤ ᠬᠤᠭᠤᠷᠤᠨᠳᠤ ᠪᠠᠨ᠄ ︽ᠭᠠᠯ ᠲᠠᠬᠢᠨ᠎ᠠ᠂ ᠬᠤᠭᠤᠯᠠ | ᠢᠳᠡ︾ ᠬᠡᠮᠡᠨ ᠲᠠᠬᠢᠨ ᠨᠢᠭᠡᠨ ᠨᠢᠭᠡᠨ ᠢᠶᠠᠨ ᠤᠷᠢᠵᠦ᠂ ᠠᠯᠢ ᠨᠢᠭᠡ ᠠᠶᠢᠯ ᠠᠴᠠ ᠡᠬᠢᠯᠡᠨ ᠭᠠᠯ ᠲᠠᠬᠢᠬᠤ | ᠶᠤᠰᠤᠯᠠᠯ ᠢᠶᠠᠨ ᠭᠦᠢᠴᠡᠳᠬᠡᠳᠡᠭ᠃ | ᠦᠵᠦᠮᠦᠴᠢᠨ ᠮᠣᠩᠭᠤᠯᠴᠤᠳ ᠤᠨ ᠭᠠᠯ ᠲᠠᠬᠢᠬᠤ ᠶᠤᠰᠤᠯᠠᠯ ᠪᠣᠯ ᠦᠪᠡᠷᠮᠢᠴᠡ ᠤᠨᠴᠠᠯᠢᠭ ᠲᠠᠢ ᠮᠦᠷᠳᠡᠭᠡᠨ | ᠲᠦᠪ ᠶᠡᠬᠡᠮᠰᠦᠭ ᠪᠠᠶᠢᠳᠠᠭ᠃ ᠤᠷᠢᠭᠰᠠᠨ ᠵᠤᠴᠢᠳ ᠨᠢ ᠴᠤᠭᠯᠠᠷᠠᠨ ᠢᠷᠡᠮᠡᠭᠴᠡ ᠶᠤᠰᠤᠯᠠᠯ ᠤᠨ ᠴᠠᠢ ᠠᠶᠠᠭᠠᠯᠠᠨ᠂ | ᠪᠡᠯᠭᠡᠳᠡᠯ ᠤᠨ ᠴᠠᠭᠠᠨ ᠢᠳᠡᠭᠡ ᠲᠠᠯᠪᠢᠵᠦ᠂ ᠬᠦᠨᠳᠦᠳᠬᠡᠯ ᠤᠨ ᠠᠷᠢᠬᠢ ᠪᠠᠨ ᠡᠷᠬᠦᠵᠦ ᠲᠠᠭᠤᠰᠪᠠᠯ ᠳᠠᠷᠤᠢ ᠭᠠᠯ ᠤᠨ | ᠲᠠᠬᠢᠯᠭ᠎ᠠ ᠡᠬᠢᠯᠡᠳᠡᠭ ᠶᠤᠮ᠃ ᠡᠨᠡ ᠦᠶ᠎ᠡ ᠳᠤ ᠡᠷᠡᠭᠳᠡᠶᠢᠴᠦᠳ ᠨᠢ ᠶᠤᠰᠤᠯᠠᠯ ᠤᠨ ᠮᠠᠯᠠᠭᠠᠢ ᠳᠡᠪᠡᠯ ᠬᠤᠪᠴᠠᠰᠤ᠂ | ᠭᠤᠲᠤᠯ ᠢᠶᠠᠨ ᠡᠮᠦᠰᠬᠦ ᠶᠢᠨ ᠬᠠᠮᠳᠤ ᠳᠡᠭᠰᠢᠯᠡᠨ ᠵᠠᠰᠠᠵᠦ᠂ ᠪᠦᠰᠡ ᠪᠠᠨ ᠪᠦᠰᠡᠯᠡᠭᠰᠡᠨ ᠤ ᠳᠠᠷᠠᠭ᠎ᠠ | ᠬᠤᠪᠴᠠᠰᠤᠨ ᠤ ᠪᠠᠨ ᠭᠠᠳᠠᠭᠤᠷ ᠬᠠᠨᠵᠢᠶᠠᠷ ᠡᠮᠦᠰᠴᠦ᠂ ᠭᠡᠲᠡ ᠬᠢᠳᠤᠭ᠎ᠠ᠂ ᠬᠦᠬᠦᠷ ᠠᠴᠢᠮᠠᠭ ︵ᠬᠦᠬᠦᠷ ᠤᠨ ᠰᠠᠪᠠ︶ | ᠵᠡᠷᠭᠡ ᠪᠠᠨ ᠵᠡᠭᠦᠵᠦ ᠵᠠᠰᠠᠨ ᠴᠢᠮᠡᠭᠯᠡᠬᠦ ᠳᠤ᠂ ᠡᠮᠡᠭᠳᠡᠶᠢᠴᠦᠳ ᠨᠢ ᠪᠠᠰᠠ ᠳᠡᠪᠡᠯ ᠬᠤᠪᠴᠠᠰᠤ ᠪᠠᠨ ᠳᠡᠭᠰᠢᠯᠡᠨ | ᠵᠠᠰᠠᠬᠤ ᠶᠢᠨ ᠬᠠᠮᠳᠤ ᠤᠤᠵᠠ ᠡᠮᠦᠰᠴᠦ ᠲᠠᠳᠠᠭᠤᠷ᠂ ᠰᠦᠢᠬᠡ᠂ ᠡᠭᠡᠮᠦᠭ ᠵᠡᠷᠭᠡ ᠶᠢ ᠵᠡᠭᠦᠳᠡᠭ᠃ ᠭᠡᠤᠭᠡᠳ ᠤᠳ ᠨᠢ | ᠥᠩᠭᠡ ᠲᠠᠢ ᠰᠠᠶᠢᠬᠠᠨ ᠰᠢᠨ᠎ᠡ ᠬᠤᠪᠴᠠᠰᠤ ᠡᠮᠦᠰᠬᠦ ᠶᠢᠨ ᠬᠠᠮᠳᠤ ᠪᠠᠰᠠ ᠠᠯᠴᠢᠭᠤᠷ ᠪᠦᠰᠡ ᠪᠠᠷ ᠭᠤᠶᠤᠯᠠᠨ | ᠵᠠᠰᠠᠳᠠᠭ᠃ | ᠬᠤᠨᠢᠨ ᠤ ᠡᠪᠴᠢᠬᠦᠦ ᠪᠣᠯ ᠳᠡᠲᠡᠨ ᠤ ᠭᠠᠯ ᠲᠠᠬᠢᠬᠤ ᠳᠤ ᠬᠡᠷᠡᠭᠯᠡᠳᠡᠭ ᠬᠠᠮᠤᠭ ᠤᠨ ᠴᠢᠬᠤᠯᠠ ᠵᠦᠢᠯ ᠪᠤᠯᠤᠨ᠎ᠠ᠃ | ᠶᠠᠰᠤ ᠶᠢ ᠨᠢ ᠰᠡᠪᠳᠦᠭᠡᠬᠦ ᠦᠭᠡᠢ᠂ ᠥᠶ᠎ᠡ ᠶᠢ ᠨᠢ ᠬᠡᠮᠳᠦᠭᠡᠬᠦ ᠦᠭᠡᠢ ᠪᠠᠷ ᠪᠤᠰᠤᠳ ᠶᠠᠰᠤᠨ ᠠᠴᠠ ᠨᠢ ᠰᠠᠶᠢᠬᠠᠨ | ᠰᠠᠯᠭᠠᠭᠰᠠᠨ ᠡᠪᠴᠢᠭᠦᠨ ᠤ ᠪᠠᠨ ᠮᠢᠬ᠎ᠠ ᠶᠢ ᠪᠦᠬᠦᠨ ᠢ ᠱᠤᠯᠤᠵᠦ᠂ ︽ᠳᠠᠯᠠᠯᠭ᠎ᠠ ᠶᠢᠨ ᠭᠡᠰᠢᠭ︾ ᠢ ᠳᠦᠭᠦᠷᠳᠡᠯ᠎ᠡ | ᠦᠷᠦᠵᠦ ᠲᠠᠯᠪᠢᠭᠰᠠᠨ ᠫᠢᠯᠠᠨ ᠳᠠᠭᠠᠨ ᠮᠢᠬ᠎ᠠ ᠶᠢ ᠨᠢ ᠳᠤᠤᠷ᠎ᠠ ᠨᠢ᠂ ᠡᠪᠴᠢᠭᠦᠦ ᠶᠢ ᠨᠢ ᠳᠡᠭᠡᠷ᠎ᠡ ᠨᠢ᠂ ᠳᠤᠳᠤᠷ᠎ᠠ | ᠲᠠᠯ᠎ᠠ ᠶᠢ ᠨᠢ ᠳᠡᠭᠡᠭᠰᠢ ᠬᠠᠨᠳᠤᠭᠤᠯᠤᠨ ᠲᠠᠯᠪᠢᠵᠤ᠂ ᠡᠪᠴᠢᠬᠦᠨ ᠤ ᠶᠠᠰᠤ ᠪᠠᠷ ᠨᠢ ᠭᠠᠯ ᠢᠶᠠᠨ ᠲᠠᠬᠢᠵᠦ᠂ ᠮᠢᠬ᠎ᠠ ᠪᠠᠷ | ᠨᠢ ᠭᠠᠯ ᠤᠨ ᠳᠠᠯᠠᠯᠭ᠎ᠠ ᠠᠪᠬᠤ ᠬᠡᠰᠢᠭ ᠪᠤᠯᠭᠠᠳᠠᠭ᠃ ᠡᠪᠴᠢᠬᠦᠨ ᠤ ᠶᠠᠰᠤ ᠶᠢ ᠳᠡᠭᠡᠷ᠎ᠡ ᠨᠢ ᠲᠠᠯᠪᠢᠳᠠᠭ ᠨᠢ ᠳᠡᠭᠦᠨ ᠢ | ᠬᠠᠮᠤᠭ ᠤᠨ ᠳᠦᠷᠦᠭᠦᠨ ᠳᠤ ᠭᠠᠯ ᠳᠠᠭᠠᠨ ᠡᠷᠭᠦᠨ᠎ᠡ ᠭᠡᠰᠡᠨ ᠤᠳᠬ᠎ᠠ ᠲᠠᠢ ᠶᠤᠮ᠃ ᠴᠢᠩᠭᠢᠭᠡᠳ ᠭᠠᠯ ᠢᠶᠠᠨ ᠲᠠᠬᠢᠬᠤ | ᠦᠶ᠎ᠡ ᠳᠤ ᠡᠪᠴᠢᠬᠦᠦ ᠪᠠᠨ ᠳᠡᠭᠡᠭᠰᠢ ᠪᠠᠨ ᠬᠠᠷᠠᠭᠤᠯᠤᠨ ᠲᠠᠯᠪᠢᠭᠰᠠᠨ ᠤ ᠳᠠᠷᠠᠭ᠎ᠠ ᠳᠡᠭᠡᠷ᠎ᠡ ᠨᠢ ︽ᠦᠨᠳᠦᠷ | ᠠᠭᠤᠯᠠ ᠶᠢᠨ ᠦᠷ᠎ᠡ ᠲᠠᠢ ᠮᠤᠳᠤ︾ ᠬᠡᠮᠡᠨ ᠦᠷᠢᠯ ᠪᠤᠶᠤ ᠮᠤᠶᠢᠯ ᠤᠨ ᠰᠠᠯᠠᠭ᠎ᠠ ᠮᠦᠴᠢᠷ᠂ ︽ᠦᠷᠭᠡᠨ ᠲᠠᠯ᠎ᠠ ᠶᠢᠨ | ᠰᠤᠷ ᠲᠠᠢ ᠡᠪᠡᠰᠦ︾ ᠬᠡᠮᠡᠨ ᠬᠢᠯᠠᠭᠠᠨ᠎ᠠ ᠶᠢᠨ ᠨᠠᠮᠠᠭ᠎ᠠ ᠵᠢᠴᠢ ᠬᠤᠩᠭᠤᠯᠵᠠᠭᠤᠷ ᠤᠨ ᠳᠤᠯᠤᠭᠠᠢ᠂ ᠬᠠᠶᠢᠴᠢ ᠡᠪᠡᠰᠦ | ᠪᠠ ᠢᠳᠡᠭᠡᠨ ᠤ ᠳᠡᠭᠡᠵᠢ ᠬᠡᠮᠡᠨ ᠰᠢᠷ᠎ᠠ ᠲᠤᠰᠤ᠂ ᠥᠭᠡᠬᠦ ᠵᠡᠷᠭᠡ ᠲᠠᠬᠢᠯᠭ᠎ᠠ ᠶᠢᠨ ᠵᠦᠢᠯᠡᠰ ᠢᠶᠠᠨ ᠦᠷᠦᠵᠦ | ᠲᠠᠯᠪᠢᠭᠰᠠᠨ ᠤ ᠰᠡᠭᠦᠯᠡᠷ ᠪᠤᠤᠷ᠎ᠠ ᠶᠢᠨ ᠵᠣᠭᠳᠤᠷ ᠪᠤᠶᠤ ᠬᠤᠴᠠ ᠶᠢᠨ ᠨᠤᠤᠰᠤ ᠪᠠᠷ ᠡᠭᠡᠷᠡᠭᠰᠡᠨ ᠨᠤᠤᠰᠤᠨ | ᠤᠳᠠᠰᠤ ᠪᠠᠷ ᠪᠤᠭᠤᠵᠦ᠂ ᠭᠠᠯ ᠳᠠᠭᠠᠨ ᠡᠷᠭᠦᠬᠦ ᠪᠠᠷ ᠪᠡᠯᠡᠳᠬᠡᠨ᠎ᠡ᠃ ᠦᠵᠦᠮᠦᠴᠢᠨ ᠤ ᠭᠠᠯ ᠤᠨ ᠪᠤᠷᠬᠠᠨ ᠤ ᠬᠤᠷᠠᠭ᠎ᠠ | ᠭᠡᠳᠡᠭ ᠨᠢ ᠡᠪᠴᠢᠬᠦᠦ ᠶᠢ ᠨᠢ ᠭᠠᠯ ᠳᠠᠭᠠᠨ ᠡᠷᠭᠦᠵᠦ᠂ ᠳᠤᠯᠤᠭᠠᠢ ᠶᠢ ᠨᠢ ᠪᠢᠳᠡᠭᠦᠨ ᠤ ᠡᠳᠦᠷ ᠵᠢᠭᠠᠵᠦ ᠤᠭᠤᠴᠠ | ᠲᠠᠢ ᠨᠢ ᠴᠤᠭ ᠪᠢᠳᠡᠬᠦᠨ ᠤ ᠬᠤᠭᠤᠯᠠ ᠪᠤᠯᠭᠠᠨ᠂ ᠰᠡᠬᠦᠯ ᠢ ᠨᠢ ᠪᠤᠷᠬᠠᠨ ᠳᠤ ᠲᠠᠯᠪᠢᠵᠦ ᠪᠤᠷᠬᠠᠨ ᠤ ᠭᠡᠰᠢᠭ | ᠪᠤᠯᠭᠠᠬᠤ ᠪᠠᠷ ᠲᠤᠰᠠᠬᠠᠶᠢᠯᠠᠨ ᠳᠦᠬᠦᠭᠡᠷᠦᠭᠰᠡᠨ ᠬᠤᠷᠠᠭᠠᠨ ᠤ ᠪᠦᠬᠦᠯᠢ ᠪᠤᠯᠤᠨ᠎ᠠ᠃ ᠵᠠᠷᠢᠮ ᠨᠢ ᠪᠦᠳᠦᠭᠦᠨ | ᠬᠤᠨᠢ ᠪᠠᠷ ᠲᠠᠬᠢᠬᠤ ᠴᠦ ᠪᠤᠢ᠃ | ᠭᠠᠯ ᠲᠠᠬᠢᠬᠤ ᠶᠤᠰᠤᠯᠠᠯ ᠢ ᠭᠡᠷ ᠤᠨ ᠡᠵᠡᠨ ᠡᠷᠬᠢᠯᠡᠵᠦ ᠬᠢᠳᠡᠭ ᠪᠦᠭᠡᠳ ᠪᠦᠰᠡᠬᠦᠢ ᠨᠢ ᠪᠠᠷ᠎ᠠ ᠪᠣᠯᠵᠦ᠂ ᠡᠪᠦᠭᠡᠳ | ᠬᠦᠭᠰᠢᠳ ᠠᠴᠠ ᠠᠪᠤᠭᠠᠳ ᠭᠡᠤᠭᠡᠳ ᠰᠢᠤᠬᠠᠳ ᠪᠦᠭᠦᠳᠡᠭᠡᠷ ᠤᠷᠤᠯᠴᠠᠳᠠᠭ᠃ ᠮᠤᠩᠭᠤᠯ ᠭᠡᠷ ᠤᠨ ᠭᠤᠣᠯ ᠳᠤ | ᠲᠠᠯᠪᠢᠭ᠎ᠠ ᠳᠦᠷᠪᠡᠨ ᠤᠴᠤᠭ᠂ ᠭᠤᠷᠪᠠᠨ ᠴᠠᠭᠠᠷᠢᠭ ᠲᠠᠢ ᠭᠠᠩ ᠳᠤᠯᠭᠠᠨ ᠠᠴᠠ ᠭᠠᠯ ᠤᠨ ᠰᠤᠷ ᠪᠠᠳᠠᠷᠠᠵᠤ᠂ | ᠳᠤᠭᠤᠨᠤ ᠪᠠᠷ ᠳᠡᠭᠡᠭᠰᠢ ᠪᠠᠨ ᠤᠳᠤᠭ᠎ᠠ ᠰᠤᠭᠤᠨᠠᠭᠯᠠᠬᠤ ᠳᠤ ᠳᠤᠯᠭ᠎ᠠ ᠶᠢᠨ ᠡᠮᠦᠨ᠎ᠡ᠂ ᠡᠭᠦᠳᠡᠨ ᠤ ᠳᠤᠳᠤᠷ᠎ᠠ | ᠲᠠᠯ᠎ᠠ ᠳᠤ ᠳᠡᠪᠢᠰᠦᠭᠰᠡᠨ ᠣᠯᠪᠠᠭ ᠳᠡᠭᠡᠷ᠎ᠡ ᠲᠦᠪ ᠶᠡᠬᠡᠮᠰᠦᠭ ᠢᠶᠠᠷ ᠬᠤᠪᠴᠠᠰᠤᠯᠠᠵᠦ ᠵᠠᠰᠠᠭᠰᠠᠨ ᠭᠡᠷ ᠤᠨ ᠡᠵᠡᠨ | ᠰᠦᠭᠦᠳᠦᠨ ᠰᠠᠭᠤᠵᠦ᠂ ᠲᠠᠬᠢᠯᠭ᠎ᠠ ᠶᠢᠨ ᠡᠪᠴᠢᠭᠦᠦ ᠶᠢ ᠦᠷᠦᠵᠦ ᠲᠠᠯᠪᠢᠭᠰᠠᠨ ᠲᠠᠯᠠᠯᠠᠭ᠎ᠠ ᠶᠢᠨ ᠫᠢᠯᠠ ᠪᠠᠨ | ᠬᠢᠴᠢᠶᠡᠩᠭᠦᠶᠢᠯᠡᠨ ᠡᠷᠭᠦᠵᠦ᠂ ᠪᠡᠶ᠎ᠡ ᠮᠡᠬᠦᠶᠢᠨ ᠡᠪᠴᠢᠭᠦᠦ ᠪᠠᠨ ᠭᠠᠯ ᠳᠤ ᠡᠷᠭᠦᠬᠦ ᠳᠤ ᠪᠦᠰᠡᠬᠦᠢ ᠨᠢ ᠲᠤᠮᠤ | ᠰᠢᠨᠠᠭᠠᠨ ᠳᠤ ᠬᠢᠵᠦ ᠬᠠᠶᠢᠯᠤᠭᠤᠯᠤᠭᠰᠠᠨ ᠰᠢᠷ᠎ᠠ ᠲᠤᠰᠤ ᠪᠠᠨ ᠵᠢᠵᠢᠭ ᠰᠢᠨᠠᠭ᠎ᠠ ᠪᠠᠷ ᠭᠠᠯ ᠳᠤ ᠲᠤᠰᠤᠭᠠᠬᠤ ᠳᠤ ᠭᠠᠯ | ᠬᠦᠭᠵᠢᠨ ᠨᠤᠴᠤᠵᠦ᠂ ᠭᠡᠷ ᠳᠦᠭᠦᠷᠡᠩ ᠭᠡᠷᠡᠯ ᠲᠤᠯᠠᠯᠵᠠᠳᠠᠭ᠃ ᠡᠨᠡ ᠦᠶ᠎ᠡ ᠳᠤ ᠭᠡᠷ ᠤᠨ ᠡᠵᠡᠨ ᠤ ᠬᠠᠵᠠᠭᠤ ᠳᠤ | ᠰᠠᠭᠤᠭᠰᠠᠨ ᠪᠦᠭᠦᠳᠡᠭᠡᠷ ᠢᠶᠠᠨ ᠡᠯ᠎ᠡ ᠲᠠᠯ᠎ᠠ ᠠᠴᠠ ᠨᠢ ᠦᠭᠡᠬᠦ ᠲᠤᠰᠤ ᠪᠠᠨ ᠭᠠᠯ ᠳᠠᠭᠠᠨ ᠡᠷᠭᠦᠵᠡᠭᠡᠳᠡᠭ᠃ | ᠭᠠᠯ ᠢᠶᠠᠨ ᠲᠠᠬᠢᠵᠦ ᠪᠠᠷᠠᠮᠠᠭᠴᠠ ᠭᠡᠷ ᠤᠨ ᠡᠵᠡᠨ ᠫᠢᠯᠠ ᠲᠠᠢ ᠭᠠᠯ ᠤᠨ ᠭᠡᠰᠢᠭ ᠢᠶᠠᠨ ᠡᠷᠭᠦᠨ ᠪᠤᠰᠴᠦ | ᠵᠤᠭᠰᠤᠭᠠᠳ᠄ ︽ᠬᠤᠷᠤᠢ᠂ ᠬᠤᠷᠤᠢ᠂ ᠬᠤᠷᠤᠢ︕︾ ᠭᠡᠵᠦ ᠬᠤᠷᠤᠶᠢᠯᠠᠬᠤ ᠶᠢᠨ ᠳᠠᠭᠠᠤ ᠵᠦᠪ ᠢᠶᠠᠷ ᠭᠤᠷᠪᠠ | ᠡᠷᠬᠢᠬᠦ ᠳᠤ ᠪᠦᠭᠦᠳᠡᠭᠡᠷ ᠢᠶᠠᠨ ᠲᠡᠭᠦᠨ ᠢ ᠲᠠᠭᠠᠨ ᠦᠪᠡᠷ ᠦᠪᠡᠷ ᠤᠨ ᠭᠠᠷ ᠲᠠᠭᠠᠨ ᠪᠠᠷᠢᠭᠰᠠᠨ ︽ᠭᠠᠯ ᠤᠨ ᠭᠡᠰᠢᠭ︾ | ᠢᠶᠠᠨ ᠡᠷᠭᠦᠵᠦ᠂ ᠭᠡᠷ ᠤᠨ ᠡᠵᠡᠨ ᠲᠠᠢ ᠠᠶᠠᠯᠭᠤ ᠨᠡᠶᠢᠯᠡᠬᠦᠯᠦᠨ ᠬᠤᠷᠤᠶᠢᠯᠠᠵᠦ ᠳᠠᠯᠠᠯᠭ᠎ᠠ ᠠᠪᠳᠠᠭ ᠶᠤᠮ᠃ ᠳᠠᠷᠠᠭ᠎ᠠ | ᠨᠢ ᠪᠦᠭᠦᠳᠡᠭᠡᠷ ᠢᠶᠠᠨ ᠤᠴᠢ ᠦᠰᠦᠷᠴᠦ ᠳᠦᠷᠡᠯᠵᠢᠨ ᠨᠤᠴᠤᠵᠦ ᠪᠠᠶᠢᠭ᠎ᠠ ᠭᠠᠯ ᠳᠠᠭᠠᠨ ᠮᠦᠷᠭᠦᠵᠦ᠂ ᠭᠠᠯ ᠲᠠᠬᠢᠬᠤ | ᠠᠵᠢᠯᠯᠠᠭ᠎ᠠ ᠪᠠᠨ ᠳᠠᠭᠤᠰᠬᠠᠭᠠᠳ ᠭᠠᠯ ᠤᠨ ᠨᠠᠶᠢᠷ ᠢᠶᠠᠨ ᠡᠬᠢᠯᠡᠵᠦ ᠬᠢᠨ᠎ᠡ᠃ ᠡᠨᠡ ᠥᠶ᠎ᠡ ᠳᠤ ᠦᠵᠦᠮᠦᠴᠢᠨ | ᠮᠤᠩᠭᠤᠯᠴᠤᠳ ᠤᠨ ᠤᠷᠳᠤ ᠶᠢᠨ ᠲᠠᠭᠤᠤ ᠠᠭᠤᠳᠠᠮ ᠤᠭᠳᠠᠷᠭᠤᠢ ᠳᠤ ᠴᠤᠤᠷᠢᠶᠠᠳᠤᠵᠦ᠂ ᠠᠶᠢᠯ ᠳᠠᠷᠠᠭᠠᠯᠠᠨ ᠨᠠᠶᠢᠷ | ᠡᠭᠦᠰᠬᠡᠨ ᠤᠶᠠᠩᠭ᠎ᠠ ᠬᠦᠭᠵᠢᠭᠡᠵᠦ᠂ ᠦᠯᠵᠡᠢ ᠪᠡᠯᠭᠡᠳᠤ ᠴᠠᠭᠠᠨ ᠰᠠᠷ᠎ᠠ ᠪᠠᠨ ᠤᠭᠳᠤᠨ᠂ ᠢᠷᠡᠬᠦ ᠮᠠᠷᠭᠠᠰᠢ ᠶᠢᠨ | ᠪᠠᠳᠠᠷᠠᠯ ᠬᠦᠭᠵᠢᠯ ᠢ ᠪᠡᠯᠭᠡᠳᠡᠭᠰᠡᠭᠡᠷ ᠭᠤᠯᠤᠮᠳᠠ ᠪᠠᠨ ᠬᠦᠭᠵᠢᠭᠡᠨ ᠭᠠᠯ ᠤᠨ ᠨᠠᠶᠢᠷ ᠢᠶᠠᠨ ᠦᠨᠳᠦᠷᠯᠡᠬᠦᠯᠳᠡᠭ ᠪᠢᠯᠡ᠃ | |