ᠦᠵᠦᠮᠦᠴᠢᠨ ᠮᠣᠩᠭᠤᠯᠴᠤᠳ ᠤᠨ ᠦᠶ᠎ᠡ ᠳᠠᠭᠤᠳᠠᠯᠭ᠎ᠠ ᠶᠢᠨ ᠶᠣᠰᠣᠨ | | ᠪᠡᠯᠭᠦᠨᠦᠳᠡᠢ ᠨ᠊᠂ ᠪᠦᠬᠡᠬᠠᠳᠠ | | ᠦᠵᠦᠮᠦᠴᠢᠨ ᠮᠣᠩᠭᠤᠯᠴᠤᠳ ᠤᠨ ᠲᠥᠷᠥᠯ ᠰᠠᠳᠤᠨ ᠤ ᠲᠣᠭᠲᠠᠯᠴᠠᠭ᠎ᠠ ᠨᠢ ᠮᠥᠨ ᠨᠡᠶᠢᠭᠡᠮ ᠬᠥᠭᠵᠢᠯ ᠤᠨ | ᠤᠷᠤᠭ ᠰᠠᠳᠤᠨ ᠤ ᠳᠦᠷᠢᠮ ᠤᠨ ᠬᠥᠭᠵᠢᠯᠲᠡ ᠶᠢ ᠳᠠᠭᠠᠯᠳᠤᠨ ᠨᠠᠷᠢᠰᠤᠨ ᠲᠡᠭᠦᠯᠳᠡᠷᠵᠢᠬᠦ ᠶᠢᠨ ᠬᠠᠮᠲᠤ ᠥᠪᠡᠷᠮᠢᠴᠡ | ᠣᠨᠴᠠᠯᠢᠭ ᠢᠶᠠᠨ ᠬᠠᠳᠠᠭᠠᠯᠠᠵᠤ ᠪᠠᠶᠢᠳᠠᠭ᠃ | ᠴᠠᠭᠠᠨ ᠶᠠᠰᠤ᠂ ᠤᠯᠠᠭᠠᠨ ᠴᠢᠰᠤ ᠬᠡᠮᠡᠨ ᠬᠦᠨᠳᠦᠳᠬᠡᠵᠦ᠂ ᠶᠠᠰᠤ ᠴᠢᠰᠤᠨ ᠤ ᠲᠥᠷᠥᠯ ᠰᠠᠳᠤᠨ ᠢᠶᠠᠨ | ᠡᠷᠬᠢᠮᠨᠡᠳᠡᠭ ᠦᠵᠦᠮᠦᠴᠢᠨᠴᠤᠳ ᠴᠦ ᠪᠤᠰᠤᠳ ᠮᠣᠩᠭᠤᠯᠴᠤᠳ ᠲᠠᠢ ᠠᠳᠠᠯᠢ ᠪᠠᠷ ᠠᠯᠢ ᠡᠷᠲᠡᠨ ᠠᠴᠠ ᠦᠶ᠎ᠡ | ᠳᠠᠭᠤᠳᠠᠯᠭ᠎ᠠ ᠪᠠᠨ ᠳᠡᠭᠡᠭᠰᠢ ᠶᠢᠰᠦᠨ ᠦᠶ᠎ᠡ᠂ ᠳᠣᠷᠣᠭᠰᠢ ᠶᠢᠰᠦᠨ ᠦᠶ᠎ᠡ᠂ ᠪᠡᠶ᠎ᠡ ᠶᠢᠨ ᠢᠵᠢᠯ ᠦᠶ᠎ᠡ ᠲᠠᠢ ᠪᠠᠨ | ᠠᠷᠪᠠᠨ ᠶᠢᠰᠦᠨ ᠦᠶ᠎ᠡ ᠪᠠᠨ ᠲᠣᠭᠲᠠᠭᠠᠨ ᠳᠠᠭᠤᠳᠠᠵᠤ ᠴᠢᠳᠠᠳᠠᠭ᠃ | ᠦᠵᠦᠮᠦᠴᠢᠨᠴᠤᠳ ᠤᠨ ᠲᠥᠷᠥᠯ ᠰᠠᠳᠤᠨ ᠤ ᠲᠣᠭᠲᠠᠯᠴᠠᠭ᠎ᠠ ᠨᠢ ᠶᠠᠰᠤᠨ ᠲᠥᠷᠥᠯ ᠢᠶᠠᠷ ᠲᠤᠯᠭᠠᠭᠤᠷᠢᠯᠠᠨ᠂ | ᠴᠢᠰᠤᠨ ᠲᠥᠷᠥᠯ ᠢ ᠲᠦᠰᠢᠯᠴᠡᠵᠦ᠂ ᠳᠠᠮ ᠰᠦᠯᠪᠡᠭᠡ ᠶᠢ ᠲᠠᠲᠠᠯᠴᠠᠭᠰᠠᠨ ᠲᠥᠷᠥᠯ ᠰᠠᠳᠤᠨ ᠤ ᠬᠤᠯᠪᠣᠭ᠎ᠠ ᠶᠢᠨ | ᠰᠠᠭᠤᠷᠢ ᠳᠡᠭᠡᠷ᠎ᠡ ᠲᠥᠷᠥᠯ — ᠰᠠᠳᠤᠨ — ᠰᠦᠯᠪᠡᠭᠡ ᠪᠠᠷ ᠭᠤᠷᠮᠤᠰᠤᠯᠠᠵᠤ ᠳᠡᠯᠭᠡᠷᠡᠩᠭᠦᠢ ᠰᠢᠭ ᠬᠡᠯᠡᠪᠡᠯ᠂ | ᠡᠴᠢᠭᠡ ᠶᠢᠨ ᠰᠢᠰᠲ᠋ᠧᠮ ᠤᠨ ᠨᠢᠭᠡ ᠣᠪᠣᠭ ᠤᠭᠰᠠᠭ᠎ᠠ ᠶᠢᠨ ᠲᠥᠷᠥᠯ ᠢ ᠶᠠᠰᠤᠨ ᠲᠥᠷᠥᠯ᠂ ᠡᠬᠡ ᠶᠢᠨ ᠰᠢᠰᠲ᠋ᠧᠮ | ᠤᠨ ᠨᠠᠭᠠᠴᠤ ᠨᠠᠷ ᠪᠣᠯᠣᠨ ᠠᠪᠠᠭ᠎ᠠ ᠡᠭᠡᠴᠢ᠂ ᠬᠦᠷᠭᠡᠳ ᠪᠠ ᠲᠡᠳᠡᠨ ᠤ ᠬᠡᠦᠬᠡᠳ ᠤᠳ ᠢ ᠲᠥᠷᠥᠯ ᠳᠤ ᠰᠢᠲᠦᠯᠴᠡᠬᠦ | ᠰᠠᠳᠤᠨ — ᠳᠠᠷᠤᠢ ᠴᠢᠰᠤᠨ ᠲᠥᠷᠥᠯ ᠭᠡᠵᠦ᠂ ᠡᠴᠢᠭᠡ ᠡᠬᠡ ᠶᠢᠨ ᠲᠥᠷᠥᠯ ᠰᠠᠳᠤᠨ ᠠᠴᠠ ᠵᠠᠶᠢᠳᠠᠭᠤᠬᠠᠨ ᠰᠢᠭ᠋ | ᠥᠭᠡᠷ᠎ᠡ ᠣᠪᠣᠭ ᠤᠨ ᠦᠷ᠎ᠡ ᠬᠠᠮᠢᠶᠠᠲᠠᠳ — ᠠᠪᠠᠭ᠎ᠠ ᠡᠭᠡᠴᠢ ᠪᠠ ᠨᠠᠭᠠᠴᠤ ᠶᠢᠨ ᠭᠡᠷ ᠲᠤ ᠬᠤᠯᠪᠣᠭᠳᠠᠬᠤ ᠳᠠᠮ | ᠰᠠᠳᠤᠨ ᠵᠢᠴᠢ ᠤᠷᠤᠭ ᠬᠤᠳᠠ᠂ ᠬᠥᠨᠳᠡᠯᠡᠨ ᠤ ᠰᠠᠳᠤᠳ ᠢ ᠰᠦᠯᠪᠡᠭᠡ ᠭᠡᠳᠡᠭ᠃ ᠲᠥᠷᠥᠯ — ᠰᠠᠳᠤᠨ — | ᠰᠦᠯᠪᠡᠭᠡ ᠪᠠᠷ ᠲᠣᠭᠲᠠᠯᠴᠠᠭᠰᠠᠨ ᠲᠥᠷᠥᠯ ᠰᠠᠳᠤᠨ ᠤ ᠲᠣᠭᠲᠠᠯᠴᠠᠭ᠎ᠠ ᠨᠢ ᠳᠠᠭᠤᠳᠠᠯᠭ᠎ᠠ ᠪᠠᠷ ᠦᠶ᠎ᠡ ᠪᠠᠨ | ᠢᠯᠭᠠᠵᠤ᠂ ᠲᠤᠰ ᠲᠤᠰ ᠤᠨ ᠨᠢᠭᠡᠳᠦᠯᠲᠡᠢ ᠳᠦᠷᠢᠮᠵᠢᠭᠰᠡᠨ ᠲᠤᠰᠬᠠᠢ ᠨᠡᠷ᠎ᠡ ᠲᠣᠮᠢᠶ᠎ᠠ ᠲᠠᠢ ᠪᠠᠶᠢᠵᠤ᠂ ᠳᠠᠭᠤᠳᠠᠯᠭ᠎ᠠ | ᠶᠢ ᠨᠢ ᠰᠣᠨᠣᠰᠤᠮᠠᠭᠴᠠ ᠬᠠᠷᠢᠴᠠᠭ᠎ᠠ ᠶᠢ ᠨᠢ ᠲᠣᠳᠣ ᠮᠡᠳᠡᠴᠢᠬᠡᠳᠡᠭ ᠲᠣᠳᠣᠷᠬᠠᠢ ᠣᠶᠢᠯᠠᠭᠠᠭᠳᠠᠬᠤᠨ ᠲᠠᠢ ᠪᠥᠭᠡᠳ | ᠦᠶ᠎ᠡ ᠳᠠᠭᠤᠳᠠᠯᠭ᠎ᠠ ᠪᠠᠷ ᠬᠦᠨᠳᠦᠯᠡᠬᠦ᠂ ᠮᠡᠨᠳᠦᠴᠢᠯᠡᠬᠦ᠂ ᠠᠭᠴᠢᠯᠠᠬᠤ ᠳᠡᠭᠦᠦᠴᠢᠯᠡᠬᠦ ᠶᠢᠨ ᠭᠡᠮ ᠬᠡᠮᠨᠡᠭᠦᠷ ᠪᠣᠯᠭᠠᠵᠤ | ᠦᠶ᠎ᠡ ᠳᠠᠭᠤᠳᠠᠯᠭ᠎ᠠ ᠨᠢ ᠨᠡᠶᠢᠭᠡᠮ᠂ ᠰᠠᠳᠤᠨ ᠤ ᠶᠣᠰᠣ ᠮᠣᠷᠠᠯ ᠤᠨ ᠪᠠᠷᠢᠮᠵᠢᠶ᠎ᠠ ᠶᠢᠨ ᠡᠭᠦᠷᠭᠡ ᠶᠢ ᠭᠦᠢᠴᠡᠳᠬᠡᠵᠦ | ᠪᠠᠶᠢᠳᠠᠭ ᠶᠤᠮ᠃ | ᠦᠵᠦᠮᠦᠴᠢᠨᠴᠤᠳ ᠤᠨ ᠳᠤᠮᠳᠠ᠂ ᠥᠨᠢ ᠤᠳᠠᠭᠠᠨ ᠢᠶᠠᠷ ᠬᠠᠳᠠᠭᠠᠯᠠᠭᠳᠠᠵᠤ ᠢᠷᠡᠭᠰᠡᠨ ᠦᠶ᠎ᠡ ᠳᠠᠭᠤᠳᠠᠯᠭ᠎ᠠ | ᠶᠢᠨ ᠰᠠᠶᠢᠨ ᠰᠠᠶᠢᠬᠠᠨ ᠤᠯᠠᠮᠵᠢᠯᠠᠯ ᠢ ᠬᠤᠶᠢᠴᠢ ᠦᠶ᠎ᠡ ᠶᠢᠨ ᠬᠢᠨ ᠳᠡᠭᠡᠨ ᠵᠠᠯᠭᠠᠭᠤᠯᠵᠤ᠂ ᠲᠥᠷᠥᠯᠬᠢ ᠬᠡᠯᠡᠨ ᠤ ᠪᠠᠨ | ᠥᠨᠢᠷ ᠪᠠᠶᠠᠯᠢᠭ ᠦᠭᠡᠰ ᠤᠨ ᠰᠠᠩ ᠢ ᠠᠭᠤᠳᠠᠯᠤᠨ ᠠᠰᠢᠭᠯᠠᠬᠤ ᠵᠣᠷᠢᠯᠲᠠ ᠪᠠᠷ ︽ᠦᠵᠦᠮᠦᠴᠢᠨᠴᠤᠳ ᠤᠨ ᠦᠶ᠎ᠡ | ᠳᠠᠭᠤᠳᠠᠯᠭ᠎ᠠ ᠶᠢᠨ ᠶᠣᠰᠣᠨ︾ ᠢ ᠳᠦᠢᠮᠦᠴᠢᠯᠡᠨ ᠥᠭᠦᠯᠡᠬᠦ ᠪᠠᠷ ᠣᠷᠣᠯᠳᠤᠬᠤ ᠳᠠᠭᠠᠨ ᠪ᠊᠂ ᠸᠠᠩᠵᠢᠯ ᠭᠤᠸᠠᠢ ᠶᠢᠨ | ︽ᠬᠥᠬᠡ ᠵᠤᠯᠠ︾ ᠬᠡᠮᠡᠬᠦ ᠨᠠᠨᠳᠢᠨ ᠲᠣᠯᠢ ᠳᠤ ᠲᠣᠯᠳᠤᠶᠢᠳᠤᠨ᠂ ᠦᠵᠦᠮᠦᠴᠢᠨᠴᠣᠳ ᠤᠨ ᠵᠠᠩ ᠵᠠᠩᠰᠢᠯ ᠲᠠᠢ | ᠤᠶᠠᠯᠳᠤᠭᠤᠯᠵᠤ ᠦᠶ᠎ᠡ ᠳᠠᠭᠤᠳᠠᠯᠭ᠎ᠠ ᠶᠢᠨ ᠲᠤᠬᠠᠢ ᠣᠶᠢᠯᠠᠭᠠᠭᠳᠠᠬᠤᠨ ᠪᠠᠯᠠᠷᠬᠠᠢ ᠪᠠᠭᠠᠴᠤᠳ ᠲᠤ ᠲᠤᠰᠠᠯᠠᠮᠵᠢ | ᠪᠣᠯᠭᠠᠬᠤ ᠪᠠᠷ ᠰᠠᠨᠠᠭᠠᠰᠢᠷᠠᠭᠰᠠᠨ ᠢᠶᠠᠨ ᠴᠠᠭᠠᠷᠠᠭᠤᠯᠬᠤ ᠶᠢᠨ ᠳᠠᠯᠢᠮ ᠳᠤ᠂ ᠣᠰᠣᠯᠳᠠᠵᠤ ᠴᠠᠯᠠᠭᠠᠶᠢᠳᠠᠭᠰᠠᠨ ᠵᠦᠢᠯ | ᠣᠯᠠᠨ ᠪᠠᠶᠢᠬᠤ ᠶᠢ ᠤᠩᠰᠢᠭᠴᠢ᠂ ᠰᠤᠳᠤᠯᠤᠭᠴᠢ ᠮᠡᠷᠭᠡᠳ ᠠᠴᠠ ᠵᠢᠭᠠᠨ ᠵᠠᠯᠠᠷᠠᠭᠤᠯᠬᠤ ᠶᠢ ᠴᠢᠩ ᠦᠨᠡᠨᠴᠢ ᠪᠠᠷ | ᠬᠦᠰᠡᠮᠵᠢᠯᠡᠵᠦ ᠠᠮᠤᠢ᠃ | ᠡᠴᠢᠭᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ — ᠡᠴᠢᠭᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ | ᠨᠢ ᠡᠴᠢᠭᠡ ᠪᠠᠷ ᠡᠰᠢᠯᠡᠵᠦ᠂ ᠥᠪᠡᠷ ᠢ ᠡᠭᠦᠳᠦᠭᠰᠡᠨ ᠡᠷᠡᠭᠲᠡᠢ ᠬᠥᠮᠥᠨ ᠢ ᠡᠴᠢᠭᠡ ᠪᠤᠶᠤ ᠠᠪᠤ ᠭᠡᠳᠡᠭ᠃ ᠥᠪᠡᠷ ᠢ | ᠡᠭᠦᠳᠦᠭᠰᠡᠨ ᠡᠮᠡᠭᠲᠡᠢ ᠬᠥᠮᠥᠨ ᠢ ᠡᠬᠡ ᠪᠤᠶᠤ ᠡᠵᠢ ᠭᠡᠨ᠎ᠡ᠃ ᠡᠨᠡ ᠮᠡᠲᠦ ᠪᠠᠷ ᠡᠴᠢᠭᠡ ᠶᠢᠨ ᠢᠶᠠᠨ ᠡᠴᠢᠭᠡ ᠶᠢ | ᠡᠪᠦᠭᠡ ᠪᠤᠶᠤ ᠡᠪᠦᠭᠡ ᠠᠪᠤ ᠂ ᠡᠴᠢᠭᠡ ᠶᠢᠨ ᠡᠬᠡ ᠶᠢ ᠡᠮᠡᠭᠡ ᠪᠤᠶᠤ ᠡᠮᠡᠭᠡ ᠡᠵᠢ ᠭᠡᠵᠦ᠂ ᠡᠴᠢᠭᠡ ᠶᠢᠨ ᠡᠪᠦᠭᠡ ᠶᠢ | ᠡᠯᠦᠨᠴᠡ᠂ ᠡᠪᠦᠭᠡ ᠶᠢᠨ ᠡᠪᠦᠭᠡ ᠶᠢ ᠨᠢ ᠬᠤᠯᠤᠨᠴᠠ ᠡᠪᠦᠭᠡ ᠭᠡᠵᠦ᠂ ᠡᠯᠦᠨᠴᠡ ᠡᠪᠦᠭᠡ ᠶᠢᠨ ᠡᠪᠦᠭᠡ ᠶᠢ ᠨᠢ ᠡᠯᠦᠨ | ᠡᠪᠦᠭᠡ᠂ ᠬᠤᠯᠤᠨᠴᠠ ᠡᠪᠦᠭᠡ ᠶᠢᠨ ᠡᠪᠦᠭᠡ ᠶᠢ ᠬᠤᠯᠤᠨ ᠡᠪᠦᠭᠡ᠂ ᠡᠯᠦᠨ ᠡᠪᠦᠭᠡ ᠶᠢᠨ ᠡᠪᠦᠭᠡ ᠶᠢ ᠬᠤᠯᠪᠣᠭ᠎ᠠ | ᠡᠪᠦᠭᠡ᠂ ᠬᠤᠯᠤᠨ ᠡᠪᠦᠭᠡ ᠶᠢᠨ ᠡᠪᠦᠭᠡ ᠶᠢ ᠥᠨᠳᠥᠷ ᠡᠪᠦᠭᠡ᠂ ᠥᠨᠳᠥᠷ ᠡᠪᠦᠭᠡ ᠠᠴᠠ ᠳᠡᠭᠡᠭᠰᠢᠬᠢ ᠳᠡᠭᠡᠳᠦ ᠦᠶ᠎ᠡ | ᠶᠢᠨ ᠬᠢᠨ ᠢ ᠡᠪᠦᠭᠡ ᠳᠡᠭᠡᠳᠦᠰ ᠭᠡᠳᠡᠭ᠃ | ᠡᠴᠢᠭᠡ — ᠡᠪᠦᠭᠡ — ᠡᠯᠦᠨᠴᠡ — ᠬᠤᠯᠤᠨᠴᠠ — ᠡᠯᠦᠨ — ᠬᠤᠯᠤᠨ — ᠬᠤᠯᠪᠣᠭ᠎ᠠ — ᠥᠨᠳᠥᠷ | ᠡᠪᠦᠭᠡ ᠬᠦᠷᠲᠡᠯ᠎ᠡ ᠪᠡᠶ᠎ᠡ ᠠᠴᠠ ᠳᠡᠭᠡᠭᠰᠢ ᠨᠠᠢᠮᠠᠨ ᠦᠶ᠎ᠡ ᠶᠢᠨ ᠡᠴᠢᠭᠡ᠂ ᠡᠬᠡ᠂ ᠡᠪᠦᠭᠡ ᠡᠮᠡᠭᠡ ᠭᠡᠬᠦ ᠳᠠᠭᠤᠳᠠᠯᠭ᠎ᠠ | ᠨᠢ ᠲᠥᠷᠥᠭᠰᠡᠨ ᠡᠴᠢᠭᠡ ᠡᠬᠡ᠂ ᠡᠪᠦᠭᠡ ᠡᠮᠡᠭᠡ ᠠᠴᠠ ᠭᠠᠳᠠᠨ᠎ᠠ ᠬᠠᠳᠠᠮ᠂ ᠬᠤᠶᠢᠲᠤ ᠡᠷᠭᠦᠭᠰᠡᠨ ︵ᠲᠡᠵᠢᠭᠡᠭᠰᠡᠨ︶ | ᠂ ᠮᠥᠷᠭᠦᠭᠦᠯᠦᠭᠰᠡᠨ᠂ ᠭᠦᠬᠦᠯᠲᠦ᠂ ᠰᠢᠷᠭᠤᠭᠤᠯᠤᠭᠰᠠᠨ ︵ᠲᠠᠨᠢᠭᠤᠯᠤᠭᠰᠠᠨ ᠪᠤᠶᠤ ᠬᠠᠭᠤᠷᠠᠢ︶ ᠭᠡᠬᠦ ᠤᠬᠠᠭᠳᠠᠬᠤᠨ | ᠢ ᠪᠠᠭᠲᠠᠭᠠᠵᠤ ᠦᠶ᠎ᠡ ᠠᠬᠢᠭᠤᠯᠤᠨ ᠳᠠᠭᠤᠳᠠᠳᠠᠭ ᠶᠣᠰᠣ ᠲᠠᠢ᠃ | ᠪᠡᠶ᠎ᠡ ᠠᠴᠠ ᠳᠣᠷᠤᠭᠰᠢᠬᠢ ᠦᠶ᠎ᠡ ᠶᠢᠨ ᠲᠥᠷᠥᠯ ᠤᠨ ᠳᠠᠭᠤᠳᠠᠯᠭ᠎ᠠ — ᠪᠡᠶ᠎ᠡ ᠭᠡᠳᠡᠭ ᠨᠢ ᠳᠡᠭᠡᠭᠰᠢ ᠳᠣᠷᠣᠭᠰᠢ | ᠠᠷᠪᠠ ᠶᠢᠰᠦᠨ ᠦᠶ᠎ᠡ ᠶᠢᠨ ᠲᠡᠭ ᠳᠤᠮᠳᠠᠬᠢ ᠦᠶ᠎ᠡ᠂ ᠳᠠᠷᠤᠢ ᠥᠪᠡᠷ ᠢ ᠨᠢ ᠵᠢᠭᠠᠵᠤ ᠪᠣᠢ᠃ ᠪᠡᠶ᠎ᠡ ᠲᠠᠢ ᠬᠠᠤᠯᠢ | ᠶᠣᠰᠣ ᠪᠠᠷ ᠬᠤᠷᠢᠮᠯᠠᠭᠰᠠᠨ ᠪᠤᠰᠤᠳ ᠣᠪᠣᠭ ᠤᠨ ᠡᠮᠡᠭᠲᠡᠢ ᠶᠢ ᠡᠬᠡᠨᠡᠷ ᠭᠡᠳᠡᠭ᠃ ᠦᠵᠦᠮᠦᠴᠢᠨ ᠳᠤ ᠡᠷᠡᠭᠲᠡᠢ ᠨᠢ | ᠪᠠᠭᠤᠯᠭᠠᠭᠰᠠᠨ ᠭᠡᠷᠭᠡᠢ ᠪᠠᠨ ᠪᠡᠷᠢ ᠭᠡᠬᠦ ᠦᠭᠡᠢ ᠡᠬᠡᠨᠡᠷ ᠭᠡᠵᠦ ᠳᠠᠭᠤᠳᠠᠵᠤ᠂ ᠳᠡᠭᠡᠳᠦ ᠦᠶ᠎ᠡ ᠶᠢᠨ ᠬᠥᠮᠥᠰ ᠨᠢ ︽ | ᠬᠦᠦ ᠪᠡᠷᠢ︾᠂ ︽ᠠᠴᠢ ᠪᠡᠷᠢ︾ ᠂ ︽ᠵᠢᠴᠢ ᠪᠡᠷᠢ︾ ᠭᠡᠬᠦ ᠮᠡᠲᠦ ᠪᠠᠷ ᠪᠡᠷᠢᠯᠡᠨ ᠳᠠᠭᠤᠳᠠᠳᠠᠭ ᠵᠠᠩᠰᠢᠯ ᠲᠠᠢ᠃ | | ᠪᠡᠶ᠎ᠡ ᠠᠴᠠ ᠲᠥᠷᠥᠭᠰᠡᠨ ᠬᠡᠦᠬᠡᠳ ᠤᠨ ᠡᠷᠡᠭᠲᠡᠢ ᠶᠢ ᠬᠦᠦ᠂ ᠡᠮᠡᠭᠲᠡᠢ ᠶᠢ ᠥᠬᠢᠨ ᠭᠡᠨ᠎ᠡ᠃ ᠬᠦᠦ ᠶᠢᠨ ᠬᠠᠤᠯᠢ | ᠶᠣᠰᠣᠭᠠᠷ ᠬᠤᠷᠢᠮᠯᠠᠵᠤ ᠠᠪᠤᠭᠰᠠᠨ ᠪᠤᠰᠤᠳ ᠣᠪᠣᠭ ᠤᠨ ᠡᠮᠡᠭᠲᠡᠢ ᠶᠢ ᠬᠦᠦ ᠪᠡᠷᠢ ᠭᠡᠨ᠎ᠡ᠃ ᠬᠦᠦ ᠶᠢᠨ ᠬᠡᠦᠬᠡᠳ | ᠢ ᠠᠴᠢ᠂ ᠠᠴᠢ ᠶᠢᠨ ᠬᠡᠦᠬᠡᠳ ᠢ ᠵᠢᠴᠢ᠂ ᠵᠢᠴᠢ ᠶᠢᠨ ᠬᠡᠦᠬᠡᠳ ᠢ ᠭᠤᠴᠢ᠂ ᠭᠤᠴᠢ ᠶᠢᠨ ᠬᠡᠦᠬᠡᠳ ᠢ ᠭᠤᠴᠢᠨᠴᠢᠷ | ᠂ ᠭᠤᠴᠢᠨᠴᠢᠷ ᠤᠨ ᠬᠡᠦᠬᠡᠳ ᠢ ᠵᠢᠬᠦ᠂ ᠵᠢᠬᠦ ᠶᠢᠨ ᠬᠡᠦᠬᠡᠳ ᠢ ᠵᠢᠯᠢᠭᠦᠢ᠂ ᠵᠢᠯᠢᠭᠦᠢ ᠶᠢᠨ ᠬᠡᠦᠬᠡᠳ ᠢ ᠳᠠᠯᠠᠶᠢᠬᠦᠢ | ᠭᠡᠨ᠎ᠡ᠃ | ᠪᠡᠶ᠎ᠡ ᠠᠴᠠ ᠬᠥᠨᠳᠡᠯᠡᠨ ᠦᠶ᠎ᠡ ᠶᠢᠨ ᠲᠥᠷᠥᠯ ᠤᠨ ᠳᠠᠭᠤᠳᠠᠯᠭ᠎ᠠ — ᠪᠡᠶ᠎ᠡ ᠶᠢᠨ ᠨᠢᠭᠡ ᠡᠬᠡ ᠠᠴᠠ ᠲᠥᠷᠥᠭᠰᠡᠨ | ᠡᠰᠡᠬᠦᠯ᠎ᠡ ᠡᠴᠢᠭᠡ ᠨᠢᠭᠡᠲᠡᠢ ᠡᠬᠡ ᠥᠭᠡᠷ᠎ᠡ᠂ ᠪᠡᠶ᠎ᠡ ᠠᠴᠠ ᠨᠠᠰᠤ ᠪᠠᠷ ᠶᠡᠭᠡ ᠡᠷᠡᠭᠲᠡᠢ ᠬᠥᠮᠥᠨ ᠢ ᠠᠬ᠎ᠠ᠂ ᠡᠮᠡᠭᠲᠡᠢ | ᠬᠥᠮᠥᠨ ᠢ ᠡᠭᠡᠴᠢ ᠭᠡᠨ᠎ᠡ᠃ ᠡᠴᠢᠭᠡ ᠡᠬᠡ ᠨᠢᠭᠡᠲᠡᠢ ᠶᠢ ᠨᠢ ᠲᠥᠷᠥᠭᠰᠡᠨ ᠠᠬ᠎ᠠ ᠡᠭᠡᠴᠢ ᠭᠡᠳᠡᠭ᠃ ᠠᠬ᠎ᠠ ᠡᠭᠡᠴᠢ | ᠳᠠᠭᠤᠳᠠᠯᠭ᠎ᠠ ᠳᠤ ᠬᠦᠷᠭᠡᠨ ᠠᠬ᠎ᠠ᠂ ᠬᠠᠳᠠᠮ ᠠᠬ᠎ᠠ ᠡᠭᠡᠴᠢ᠂ ᠵᠢᠷᠤᠮ ᠤᠨ ᠠᠬ᠎ᠠ ᠡᠭᠡᠴᠢ᠂ ᠠᠶᠢᠯ ᠠᠶᠢᠮᠠᠭ ᠤᠨ | ᠠᠬ᠎ᠠ ᠡᠭᠡᠴᠢ ᠭᠡᠬᠦ ᠠᠭᠤᠯᠭ᠎ᠠ ᠴᠦ ᠪᠠᠭᠲᠠᠨ᠎ᠠ᠃ | ᠠᠬ᠎ᠠ ᠶᠢᠨ ᠪᠦᠰᠡᠭᠦᠢ ᠶᠢ ᠪᠡᠷᠭᠡᠨ ᠭᠡᠳᠡᠭ᠃ ᠪᠡᠷᠭᠡᠨ ᠭᠡᠳᠡᠭ ᠦᠭᠡ ᠨᠢ ᠠᠬ᠎ᠠ ᠶᠢᠨ ᠪᠦᠰᠡᠭᠦᠢ ᠭᠡᠰᠡᠨ ᠭᠤᠣᠯ | ᠤᠳᠬ᠎ᠠ ᠠᠴᠠ ᠭᠠᠳᠠᠨ᠎ᠠ᠂ ᠪᠡᠶ᠎ᠡ ᠦᠶ᠎ᠡ ᠠᠴᠠ ᠳᠡᠭᠡᠭᠰᠢᠬᠢ ᠣᠯᠠᠨ ᠦᠶ᠎ᠡ ᠶᠢᠨ ᠪᠤᠰᠤᠳ ᠣᠪᠣᠭ ᠠᠴᠠ ᠪᠠᠭᠤᠯᠭᠠᠨ | ᠠᠪᠤᠭᠰᠠᠨ ᠬᠥᠨᠳᠡᠯᠡᠨ ᠦᠶ᠎ᠡ ᠶᠢᠨ ᠡᠮᠡᠭᠲᠡᠶᠢᠴᠦᠳ ᠤᠨ ᠨᠡᠶᠢᠲᠡ ᠳᠤᠮᠳᠠ ᠶᠢᠨ ᠳᠠᠭᠤᠳᠠᠯᠭ᠎ᠠ ᠪᠣᠯᠣᠨ᠎ᠠ᠃ | ᠵᠢᠱᠢᠶᠡᠯᠡᠪᠡᠯ ᠪᠡᠷᠭᠡᠨ ︵ᠠᠬ᠎ᠠ ᠶᠢᠨ ᠪᠦᠰᠡᠭᠦᠢ︶᠂ ᠠᠪᠠᠭ᠎ᠠ ᠪᠡᠷᠭᠡᠨ ︵ᠡᠴᠢᠭᠡ ᠶᠢᠨ ᠠᠬ᠎ᠠ ᠳᠡᠭᠦᠦ ᠶᠢᠨ ᠪᠦᠰᠡᠭᠦᠢ | ︶᠂ ᠠᠪᠠᠭ᠎ᠠ ᠪᠡᠷᠭᠡᠨ ᠡᠬᠡ ︽ᠡᠪᠦᠭᠡ ᠶᠢᠨ ᠠᠬ᠎ᠠ ᠳᠡᠭᠦᠦ ᠨᠠᠷ ᠤᠨ ᠪᠦᠰᠡᠭᠦᠢ ᠶᠢ ᠳᠥᠭᠦᠮᠴᠢᠯᠡᠭᠡᠳ ᠠᠪᠠᠭ᠎ᠠ ᠡᠬᠡ | ᠪᠤᠶᠤ ᠠᠪᠠᠭ᠎ᠠ ᠡᠵᠢ ᠴᠦ ᠭᠡᠳᠡᠭ︾ ᠭᠡᠬᠦ ᠮᠡᠲᠦ᠃ | ᠪᠡᠶ᠎ᠡ ᠶᠢᠨ ᠡᠴᠢᠭᠡ ᠯᠦᠭᠡ ᠬᠡᠪᠡᠯᠢ ᠨᠢᠭᠡᠲᠡᠢ ᠬᠡᠬᠡᠢ ᠭᠠᠭᠴᠠᠳᠠᠨ ᠠᠬ᠎ᠠ ᠳᠡᠭᠦᠦ ᠶᠢᠨ ᠡᠷᠡᠭᠲᠡᠢ ᠶᠢ ᠠᠪᠠᠭ᠎ᠠ᠂ | ᠡᠮᠡᠭᠲᠡᠢ ᠶᠢ ᠠᠪᠠᠭ᠎ᠠ ᠡᠭᠡᠴᠢ ᠭᠡᠵᠦ ᠳᠠᠭᠤᠳᠠᠳᠠᠭ᠃ ᠠᠪᠠᠭ᠎ᠠ ᠭᠡᠳᠡᠭ ᠦᠭᠡᠨ ᠳᠤ ᠡᠴᠢᠭᠡ ᠲᠠᠢ ᠨᠢᠭᠡ ᠦᠶ᠎ᠡ ᠶᠢ | ᠵᠢᠭᠠᠭᠰᠠᠨ ᠥᠪᠡᠷᠮᠢᠴᠡ ᠤᠳᠬ᠎ᠠ ᠬᠠᠳᠠᠭᠠᠯᠠᠭᠳᠠᠵᠤ ᠪᠠᠶᠢᠳᠠᠭ ᠶᠤᠮ᠃ ᠵᠢᠱᠢᠶᠡᠯᠡᠪᠡᠯ ᠶᠡᠭᠡ ᠠᠪᠠᠭ᠎ᠠ ᠡᠴᠢᠭᠡ᠂ ᠶᠡᠭᠡ | ᠠᠪᠠᠭ᠎ᠠ ᠪᠡᠷᠭᠡᠨ ᠲᠠᠢ ᠢᠷᠠᠯ᠎ᠠ ᠭᠡᠪᠡᠯ᠂ ᠡᠪᠦᠭᠡ ᠶᠢᠨ ᠠᠬ᠎ᠠ ᠪᠦᠰᠡᠭᠦᠢ ᠲᠠᠢ ᠪᠠᠨ ᠬᠠᠮᠲᠤ ᠢᠷᠠᠪᠠ ᠭᠡᠵᠦ | ᠣᠶᠢᠯᠭᠠᠬᠤ᠂ ᠪᠠᠭ᠎ᠠ ᠠᠪᠠᠭ᠎ᠠ ᠡᠴᠢᠭᠡ ᠢᠷᠠᠯ᠎ᠠ ᠭᠡᠪᠡᠯ᠂ ᠡᠪᠦᠭᠡ ᠶᠢᠨ ᠳᠡᠭᠦᠦ ᠢᠷᠠᠵᠤ ᠪᠠᠶᠢᠨ᠎ᠠ ᠭᠡᠵᠦ ᠮᠡᠳᠡᠬᠦ᠃ | ᠡᠭᠦᠨ ᠳᠤ ᠠᠪᠠᠭ᠎ᠠ ᠭᠡᠳᠡᠭ ᠳᠡᠭᠡᠷ᠎ᠡ ᠨᠢᠭᠡ ᠦᠶ᠎ᠡ ᠶᠢ ᠵᠢᠭᠠᠭᠰᠠᠨ ᠦᠭᠡᠨ ᠳᠤ ᠡᠴᠢᠭᠡ ᠭᠡᠳᠡᠭ ᠮᠥᠨ ᠬᠦ ᠳᠡᠭᠡᠷ᠎ᠡ | ᠨᠢᠭᠡ ᠦᠶ᠎ᠡ ᠶᠢ ᠵᠢᠭᠠᠭᠰᠠᠨ ᠦᠭᠡ ᠶᠢ ᠨᠡᠮᠡᠵᠦ᠂ ᠳᠡᠭᠡᠷ᠎ᠡ ᠬᠤᠶᠠᠷ ᠦᠶ᠎ᠡ ᠶᠢᠨ ᠬᠥᠮᠥᠨ ᠤ ᠬᠥᠨᠳᠡᠯᠡᠨ ᠬᠠᠷᠢᠴᠠᠭ᠎ᠠ | ᠶᠢᠨ ᠳᠠᠭᠤᠳᠠᠯᠭ᠎ᠠ ᠶᠢ ᠪᠦᠲᠦᠭᠡᠭᠰᠡᠨ ᠶᠤᠮ᠃ ᠡᠶᠢᠨ ᠬᠦ ᠠᠪᠠᠭ᠎ᠠ ᠭᠡᠳᠡᠭ ᠦᠭᠡ ᠲᠠᠢ ᠬᠤᠯᠪᠣᠭ᠎ᠠ ᠦᠭᠡ | ᠪᠦᠲᠦᠭᠡᠭᠰᠡᠨ ᠡᠴᠢᠭᠡ ᠠᠴᠠ ᠳᠡᠭᠡᠭᠰᠢᠬᠢ ᠦᠶ᠎ᠡ ᠨᠢᠭᠡ ᠪᠦᠷᠢ ᠶᠢᠨ ᠨᠡᠷ᠎ᠡ᠂ ᠪᠦᠷ ᠨᠢᠭᠡ ᠦᠶ᠎ᠡ ᠠᠬᠢᠵᠤ | ᠳᠠᠭᠤᠳᠠᠭᠳᠠᠨ᠎ᠠ᠃ ᠵᠢᠱᠢᠶᠡᠯᠡᠪᠡᠯ᠂ ᠠᠪᠠᠭ᠎ᠠ ᠡᠪᠦᠭᠡ ︵ᠡᠯᠦᠨᠴᠡ ᠶᠢᠨ ᠠᠬ᠎ᠠ ᠳᠡᠭᠦᠦ︶᠂ ᠠᠪᠠᠭ᠎ᠠ ᠡᠯᠦᠨᠴᠡ ︵ | ᠬᠤᠯᠤᠨᠴᠠ ᠶᠢᠨ ᠠᠬ᠎ᠠ ᠪᠤᠶᠤ ᠳᠡᠭᠦᠦ︶ ᠭᠡᠬᠦ ᠮᠡᠲᠦ᠃ | ᠦᠵᠦᠮᠦᠴᠢᠨᠴᠤᠳ᠂ ᠡᠷᠲᠡᠨ ᠠᠴᠠ ᠪᠠᠨ ᠦᠶ᠎ᠡ ᠳᠠᠭᠤᠳᠠᠯᠭ᠎ᠠ ᠶᠢ ᠮᠠᠰᠢ ᠠᠩᠬᠠᠷᠳᠠᠭ ᠪᠠᠶᠢᠪᠠ᠃ ᠵᠢᠱᠢᠶᠡᠯᠡᠪᠡᠯ᠂ | ᠠᠪᠠᠭ᠎ᠠ ᠡᠭᠡᠴᠢ ᠲᠠᠢ ᠬᠤᠷᠢᠮᠯᠠᠭᠰᠠᠨ ᠡᠷᠡᠭᠲᠡᠢ ᠬᠥᠮᠥᠨ ᠢ ᠠᠪᠠᠭ᠎ᠠ ᠬᠦᠷᠭᠡᠨ ᠠᠬ᠎ᠠ ᠭᠡᠵᠦ ᠳᠠᠭᠤᠳᠠᠬᠤ ᠠᠴᠠ | ᠪᠢᠰᠢ ᠠᠪᠠᠭ᠎ᠠ ᠬᠦᠷᠭᠡᠨ ᠠᠪᠤ ᠭᠡᠵᠦ ᠳᠠᠭᠤᠳᠠᠳᠠᠭ ᠦᠭᠡᠢ᠃ ᠣᠳᠣ ᠡᠨᠡᠬᠦ ᠵᠠᠩᠰᠢᠯ ᠮᠠᠷᠲᠠᠭᠳᠠᠵᠤ ᠠᠪᠠᠭ᠎ᠠ ︵ | ᠡᠴᠢᠭᠡ ᠶᠢᠨ ᠠᠬ᠎ᠠ ᠳᠡᠭᠦᠦ︶ ᠪᠠᠨ ︽ᠠᠪᠠᠭ᠎ᠠ ᠠᠪᠤ︾᠂ ᠠᠪᠠᠭ᠎ᠠ ᠡᠭᠡᠴᠢ ᠪᠠᠨ ︽ᠠᠪᠠᠭ᠎ᠠ ᠡᠵᠢ︾ ᠭᠡᠵᠦ | ᠳᠠᠭᠤᠳᠠᠬᠤ ᠨᠢ ᠣᠯᠠᠨ ᠰᠣᠨᠣᠰᠳᠠᠵᠤ ᠪᠣᠢ᠃ ᠣᠨᠴᠠᠭᠠᠶᠢᠯᠠᠨ ᠥᠭᠡᠷ᠎ᠡ ᠣᠪᠣᠭ ᠲᠤ ᠬᠠᠷᠢᠯᠠᠵᠤ ᠮᠣᠷᠳᠠᠭᠰᠠᠨ ᠲᠤᠰ | ᠪᠠᠭᠤᠴᠠᠨ ᠤ ᠪᠦᠰᠡᠭᠦᠶᠢᠴᠦᠳ ᠢ ᠨᠠᠰᠤ ᠨᠢ ᠬᠡᠳᠦᠢ ᠶᠡᠭᠡ ᠦᠶ᠎ᠡ ᠨᠢ ᠬᠡᠳᠦᠢ ᠳᠡᠭᠡᠷ᠎ᠡ ᠪᠠᠶᠢᠭᠰᠠᠨ ᠴᠦ ᠡᠵᠢ ᠭᠡᠵᠦ | ᠳᠠᠭᠤᠳᠠᠳᠠᠭ ᠦᠭᠡᠢ᠂ ᠴᠥᠮ ᠡᠭᠡᠴᠢ ᠪᠠᠷ ᠬᠠᠨᠳᠤᠵᠤ ᠠᠪᠠᠭ᠎ᠠ ᠡᠭᠡᠴᠢ᠂ ᠠᠪᠠᠭ᠎ᠠ ᠡᠪᠦᠭᠡ ᠡᠭᠡᠴᠢ᠂ ᠠᠪᠠᠭ᠎ᠠ | ᠡᠯᠦᠨᠴᠡ ᠡᠭᠡᠴᠢ ᠭᠡᠵᠦ ᠦᠶ᠎ᠡ ᠶᠢ ᠲᠣᠳᠣᠳᠬᠠᠨ ᠳᠠᠭᠤᠳᠠᠳᠠᠭ ᠶᠣᠰᠣ ᠪᠣᠯ ᠵᠢᠷᠤᠮᠯᠠᠭᠤᠰᠢᠲᠠᠢ ᠵᠠᠩᠰᠢᠯ ᠪᠣᠯᠬᠤ | ᠶᠤᠮ᠃ ᠤᠴᠢᠷ ᠨᠢ ᠲᠤᠰ ᠣᠪᠣᠭ ᠤᠨ ᠬᠠᠷᠢ ᠳᠤ ᠮᠣᠷᠳᠠᠭᠰᠠᠨ ᠪᠦᠰᠡᠭᠦᠶᠢᠴᠦᠳ ᠡᠨᠡ ᠭᠡᠷ ᠲᠥᠷᠥᠯ ᠳᠡᠭᠡᠨ ᠡᠬᠡ | ᠪᠤᠶᠤ ︵ᠡᠵᠢ︶ ᠪᠣᠯᠬᠤ ᠶᠣᠰᠣ ᠦᠭᠡᠢ᠂ ᠥᠨᠢ ᠡᠭᠦᠷᠢᠳᠡ ᠡᠨᠡ ᠪᠠᠭᠤᠴᠠ ᠶᠢᠨ ᠥᠬᠢᠨ ᠪᠣᠯᠬᠤ ᠠᠴᠠ ᠡᠭᠡᠴᠢ | ᠳᠠᠭᠤᠳᠠᠭᠳᠠᠬᠤ ᠤᠴᠢᠷᠲᠠᠢ ᠠᠵᠤᠭᠤ᠃ | ᠠᠪᠠᠭ᠎ᠠ ᠳᠠᠭᠤᠳᠠᠯᠭ᠎ᠠ ᠨᠢ᠂ ᠠᠪᠠᠭ᠎ᠠ — ᠠᠪᠠᠭ᠎ᠠ ᠪᠡᠷᠭᠡᠨ᠂ ᠠᠪᠠᠭ᠎ᠠ ᠡᠴᠢᠭᠡ — ᠠᠪᠠᠭ᠎ᠠ ᠡᠬᠡ᠂ ᠠᠪᠠᠭ᠎ᠠ | ᠡᠪᠦᠭᠡ — ᠠᠪᠠᠭ᠎ᠠ ᠡᠮᠡᠭᠡ᠂ ᠠᠪᠠᠭ᠎ᠠ ᠡᠯᠦᠨᠴᠡ ᠡᠪᠦᠭᠡ — ᠠᠪᠠᠭ᠎ᠠ ᠡᠯᠦᠨᠴᠡ ᠡᠮᠡᠭᠡ᠂ ᠠᠪᠠᠭ᠎ᠠ ᠬᠤᠯᠤᠨᠴᠠ | ᠡᠪᠦᠭᠡ — ᠠᠪᠠᠭ᠎ᠠ ᠬᠤᠯᠤᠨᠴᠠ ᠡᠮᠡᠭᠡ ᠭᠡᠬᠦ ᠮᠡᠲᠦ ᠪᠠᠷ ᠦᠶ᠎ᠡ ᠠᠬᠢᠵᠤ ᠠᠪᠠᠭ᠎ᠠ ᠥᠨᠳᠥᠷ ᠡᠪᠦᠭᠡ ᠡᠮᠡᠭᠡ ᠳᠤ | ᠬᠦᠷᠲᠡᠯ᠎ᠡ ᠳᠠᠭᠤᠳᠠᠵᠤ ᠪᠣᠯᠳᠠᠭ ᠶᠤᠮ᠃ | ᠡᠬᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ — ᠦᠵᠦᠮᠦᠴᠢᠨᠴᠤᠳ ︽ᠬᠥᠮᠥᠨ ᠤ ᠦᠨᠳᠦᠰᠦ ᠨᠠᠭᠠᠴᠤ︾ | ᠂ ︽ᠨᠠᠭᠠᠴᠤ ᠶᠢᠨ ᠰᠢᠷ᠎ᠠ ᠨᠣᠬᠠᠢ ᠨᠢ ᠴᠦ ᠠᠬᠠᠯᠠᠨ᠎ᠠ︾ ᠭᠡᠵᠦ ᠡᠬᠡ ᠶᠢᠨ ᠲᠠᠯ᠎ᠠ ᠶᠢᠨ ᠰᠠᠳᠤᠨ ᠲᠥᠷᠥᠯ ᠢ | ᠬᠦᠨᠳᠦᠳᠬᠡᠵᠦ᠂ ᠰᠠᠶ᠋ᠢ ᠭᠠᠷᠤᠭᠰᠠᠨ ᠵᠢᠭᠡ ᠶᠢ ᠨᠢ ᠨᠠᠭᠠᠴᠤ ᠶᠢᠨ ᠳᠤᠨᠢ ᠵᠢᠭᠡ ᠪᠠᠭᠤᠯᠭᠠᠬᠤ᠂ ᠵᠢᠭᠡ ᠬᠥᠮᠥᠨ | ᠨᠠᠭᠠᠴᠤ ᠶᠢᠨ ᠳᠡᠷᠭᠡᠳᠡ ᠳᠠᠯᠤ ᠥᠯᠥ ᠪᠠᠷᠢᠬᠤ᠂ ᠨᠠᠭᠠᠴᠤ ᠶᠢᠨ ᠭᠡᠷ ᠤᠨ ᠡᠭᠦᠳᠡᠨ ᠳᠤ ᠥᠯᠥ ᠰᠠᠭᠤᠬᠤ᠂ | ᠪᠣᠱᠤᠭ᠎ᠠ ᠶᠢ ᠥᠯᠥ ᠤᠨᠤᠬᠤ᠂ ︽ᠨᠠᠭᠠᠴᠤ ᠪᠠᠨ ᠵᠣᠳᠣᠪᠠᠯ ᠴᠡᠴᠡᠷᠡᠭᠡ ᠪᠣᠯᠳᠠᠭ︾ ᠭᠡᠬᠦ ᠴᠡᠭᠡᠷ ᠶᠣᠰᠣ ᠪᠠᠶᠢᠳᠠᠭ | ᠪᠠ ᠵᠢᠯ ᠴᠠᠭᠠᠨ ᠰᠠᠷ᠎ᠠ ᠳᠤ ᠨᠠᠭᠠᠴᠤ ᠶᠢᠨ ᠬᠢᠨᠢ ᠵᠢᠭᠡ ᠳᠡᠭᠡᠨ ︽ᠵᠢᠭᠡ ᠰᠦᠪᠡᠭᠡ︾ ᠭᠡᠵᠦ ᠭᠠᠳᠠᠷᠲᠠᠢ ᠰᠦᠪᠡᠭᠡ | ᠬᠠᠪᠢᠰᠤ ᠡᠪᠦᠷᠯᠡᠭᠦᠯᠳᠡᠭ ᠵᠠᠩᠰᠢᠯ ᠲᠠᠢ ᠪᠢᠯᠡ᠃ | ᠨᠠᠭᠠᠴᠤ ᠭᠡᠳᠡᠭ ᠦᠭᠡ ᠪᠣᠯ ᠡᠬᠡ ᠲᠠᠢ ᠬᠦᠢ ᠨᠢᠭᠡᠲᠡᠢ ᠡᠷᠡᠭᠲᠡᠢ ᠬᠥᠮᠥᠨ ᠢ ᠵᠢᠭᠠᠭᠰᠠᠨ ᠤᠳᠬ᠎ᠠ ᠲᠠᠢ ᠦᠭᠡ | ᠪᠣᠯᠬᠤ ᠪᠠᠷ ᠪᠠᠷᠠᠬᠤ ᠦᠭᠡᠢ᠂ ᠠᠪᠠᠭ᠎ᠠ ᠲᠠᠢ ᠠᠳᠠᠯᠢ ᠡᠬᠡ ᠶᠢᠨ ᠲᠠᠯ᠎ᠠ ᠶᠢᠨ ᠳᠡᠭᠡᠷ᠎ᠡ ᠨᠢᠭᠡ ᠦᠶ᠎ᠡ ᠶᠢ ᠵᠢᠭᠠᠭᠰᠠᠨ | ᠨᠡᠷᠡᠶᠢᠳᠦᠯ ᠶᠤᠮ᠃ ᠡᠬᠡ ᠠᠴᠠ ᠠᠬ᠎ᠠ ᠶᠢ ᠶᠡᠭᠡ ᠨᠠᠭᠠᠴᠤ ᠪᠤᠶᠤ ᠪᠦᠳᠦᠭᠦᠨ ᠨᠠᠭᠠᠴᠤ᠂ ᠡᠬᠡ ᠠᠴᠠ ᠳᠡᠭᠦᠦ ᠶᠢ | ᠪᠠᠭ᠎ᠠ ᠨᠠᠭᠠᠴᠤ ᠪᠤᠶᠤ ᠵᠢᠭᠠᠬᠠᠨ ᠨᠠᠭᠠᠴᠤ ᠭᠡᠳᠡᠭ᠃ ᠣᠯᠠᠨ ᠨᠠᠭᠠᠴᠤ ᠨᠠᠷ ᠲᠠᠢ ᠪᠣᠯ ᠲᠤᠭ᠎ᠠ ᠪᠤᠶᠤ ᠣᠨᠴᠠᠯᠢᠭ | ᠡᠰᠡᠬᠦᠯ᠎ᠡ ᠬᠦᠨᠳᠦᠯᠡᠪᠦᠷᠢ ᠳᠠᠭᠤᠳᠠᠯᠭ᠎ᠠ ᠪᠠᠷ ᠨᠢ ᠢᠯᠭᠠᠵᠤ ᠳᠠᠭᠤᠳᠠᠳᠠᠭ᠃ ᠨᠠᠭᠠᠴᠤ ᠲᠠᠢ ᠬᠠᠤᠯᠢ ᠶᠣᠰᠣ ᠪᠠᠷ | ᠬᠤᠷᠢᠮᠯᠠᠨ ᠰᠠᠭᠤᠭᠰᠠᠨ ᠡᠮᠡᠭᠲᠡᠢ ᠶᠢ ᠨᠠᠭᠠᠴᠤ ᠪᠡᠷᠭᠡᠨ ︵ᠡᠬᠡ ᠶᠢᠨ ᠪᠡᠷᠭᠡᠨ︶ ᠭᠡᠨ᠎ᠡ᠃ ᠨᠠᠭᠠᠴᠤ ᠶᠢᠨ ᠡᠬᠡ ᠶᠢ | ᠨᠠᠭᠠᠴᠤ ᠡᠵᠢ ︵ᠡᠬᠡ︶ ᠭᠡᠨ᠎ᠡ᠃ ᠡᠬᠡ ᠶᠢᠨ ᠡᠪᠦᠭᠡ ᠶᠢ ᠨᠠᠭᠠᠴᠤ ᠡᠪᠦᠭᠡ᠂ ᠡᠮᠡᠭᠡ ᠶᠢ ᠨᠠᠭᠠᠴᠤ ᠡᠮᠡᠭᠡ ᠭᠡᠨ᠎ᠡ᠃ | ᠡᠬᠡ ᠶᠢᠨ ᠡᠭᠡᠴᠢ ᠪᠤᠶᠤ ᠥᠬᠢᠨ ᠳᠡᠭᠦᠦ ᠶᠢ ᠨᠠᠭᠠᠴᠤ ᠡᠭᠡᠴᠢ᠂ ᠨᠠᠭᠠᠴᠤ ᠡᠭᠡᠴᠢ ᠶᠢᠨ ᠬᠦᠷᠭᠡᠨ ᠢ ᠨᠠᠭᠠᠴᠤ | ᠬᠦᠷᠭᠡᠨ ᠠᠬ᠎ᠠ ᠪᠤᠶᠤ ᠬᠦᠷᠭᠡᠨ ᠠᠪᠤᠭᠠᠢ ᠭᠡᠨ᠎ᠡ᠃ ᠦᠵᠦᠮᠦᠴᠢᠨ ᠳᠤ ᠠᠬ᠎ᠠ ᠶᠢ ᠣᠯᠠᠩᠬᠢ ᠳᠠᠭᠠᠨ ︽ᠠᠪᠤᠭᠠᠢ︾ | ᠭᠡᠳᠡᠭ᠃ | ᠪᠡᠶ᠎ᠡ ᠠᠴᠠ ᠳᠣᠷᠤᠭᠰᠢᠬᠢ ᠭᠤᠣᠯ ᠤᠭᠰᠠᠭ᠎ᠠ ᠶᠢᠨ ᠳᠠᠭᠤᠳᠠᠯᠭ᠎ᠠ — ᠡᠬᠡ ᠨᠢᠭᠡᠲᠡᠢ ᠪᠤᠶᠤ ᠨᠡᠶᠢᠭᠡᠮ ᠳᠡᠭᠡᠷᠡᠬᠢ | ᠪᠡᠶ᠎ᠡ ᠠᠴᠠ ᠨᠠᠰᠤ ᠪᠠᠷ ᠪᠠᠭ᠎ᠠ ᠡᠷᠡᠭᠲᠡᠢ ᠶᠢ ᠳᠡᠭᠦᠦ᠂ ᠡᠴᠢᠭᠡ ᠡᠬᠡ ᠨᠢᠭᠡᠲᠡᠢ ᠪᠤᠶᠤ ᠡᠰᠡᠬᠦᠯ᠎ᠡ ᠡᠴᠢᠭᠡ ᠨᠢᠭᠡᠲᠡᠢ᠂ | ᠡᠬᠡ ᠥᠭᠡᠷ᠎ᠡ ᠲᠠᠢ ᠥᠪᠡᠷ ᠠᠴᠠ ᠨᠠᠰᠤ ᠪᠠᠷ ᠪᠠᠭ᠎ᠠ ᠡᠷᠡᠭᠲᠡᠢ ᠶᠢ ᠲᠥᠷᠥᠭᠰᠡᠨ ᠳᠡᠭᠦᠦ ᠭᠡᠨ᠎ᠡ᠃ ᠳᠡᠭᠦᠦ ᠶᠢᠨ | ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤᠨ ᠡᠮᠡᠭᠲᠡᠢ ᠶᠢ ᠳᠡᠭᠦᠦ ᠪᠡᠷᠢ ᠭᠡᠳᠡᠭ᠃ | ᠡᠪᠦᠭᠡ ᠨᠢᠭᠡᠲᠡᠢ ᠠᠬ᠎ᠠ ᠳᠡᠭᠦᠦ ᠶᠢ ᠦᠶᠡᠯᠢᠳ ᠠᠬ᠎ᠠ ᠳᠡᠭᠦᠦ᠂ ᠡᠯᠦᠨᠴᠡ ᠨᠢᠭᠡᠲᠡᠢ ᠠᠬ᠎ᠠ ᠳᠡᠭᠦᠦ ᠶᠢ | ᠬᠠᠶᠠᠯᠢᠳ ᠠᠬ᠎ᠠ ᠳᠡᠭᠦᠦ᠂ ᠬᠤᠯᠤᠨᠴᠠ ᠨᠢᠭᠡᠲᠡᠢ ᠠᠬ᠎ᠠ ᠳᠡᠭᠦᠦ ᠶᠢ ᠦᠶ᠎ᠡ ᠠᠬ᠎ᠠ ᠳᠡᠭᠦᠦ᠂ ᠡᠯᠦᠨ ᠡᠪᠦᠭᠡ ᠨᠢᠭᠡᠲᠡᠢ | ᠠᠬ᠎ᠠ ᠳᠡᠭᠦᠦ ᠶᠢ ᠬᠠᠶᠠ ᠠᠬ᠎ᠠ ᠳᠡᠭᠦᠦ᠂ ᠬᠤᠯᠤᠨ ᠡᠪᠦᠭᠡ ᠨᠢᠭᠡᠲᠡᠢ ᠠᠬ᠎ᠠ ᠳᠡᠭᠦᠦ ᠶᠢ ᠦᠶᠡᠨᠴᠢᠷ ᠠᠬ᠎ᠠ ᠳᠡᠭᠦᠦ᠂ | ᠬᠤᠯᠪᠣᠭ᠎ᠠ ᠡᠪᠦᠭᠡ ᠨᠢᠭᠡᠲᠡᠢ ᠠᠬ᠎ᠠ ᠳᠡᠭᠦᠦ ᠶᠢ ᠬᠠᠶᠠᠨᠴᠢᠷ ᠠᠬ᠎ᠠ ᠳᠡᠭᠦᠦ᠂ ᠥᠨᠳᠥᠷ ᠡᠪᠦᠭᠡ ᠨᠢᠭᠡᠲᠡᠢ ᠠᠬ᠎ᠠ | ᠳᠡᠭᠦᠦ ᠶᠢ ᠲᠥᠷᠥᠯ ᠤᠨ ᠠᠬ᠎ᠠ ᠳᠡᠭᠦᠦ᠂ ᠤᠭ ᠳᠡᠭᠡᠳᠦᠰ ᠨᠢᠭᠡᠲᠡᠢ ᠠᠬ᠎ᠠ ᠳᠡᠭᠦᠦᠰ ᠢ ᠠᠶᠢᠮᠠᠭ ᠤᠨ ᠠᠬ᠎ᠠ ᠳᠡᠭᠦᠦ | ᠭᠡᠵᠦ ᠳᠠᠭᠤᠳᠠᠯᠴᠠᠨᠠ᠃ ᠮᠥᠨ ᠴᠦ ᠲᠡᠳᠡᠨ ᠤ ᠭᠡᠷᠭᠡᠶᠢᠳ ᠢ ᠦᠶᠡᠯᠢᠳ — ᠬᠠᠶᠠᠯᠢᠳ — ᠦᠶ᠎ᠡ — ᠬᠠᠶᠠ — | ᠦᠶᠡᠨᠴᠢᠷ — ᠬᠠᠶᠠᠨᠴᠢᠷ — ᠲᠥᠷᠥᠯ — ᠠᠶᠢᠮᠠᠭ ᠤᠨ ᠪᠡᠷᠢᠶᠡᠳ ᠭᠡᠵᠦ ᠦᠶ᠎ᠡ ᠳᠣᠷᠣᠭᠰᠢᠯᠠᠭᠤᠯᠤᠨ | ᠰᠤᠨᠤᠭᠠᠵᠤ ᠳᠠᠭᠤᠳᠠᠳᠠᠭ ᠶᠤᠮ᠃ | ᠳᠣᠣᠷ᠎ᠠ ᠨᠢᠭᠡ ᠦᠶ᠎ᠡ ᠶᠢᠨ ᠬᠡᠦᠬᠡᠳ ᠤᠨ ᠬᠤᠭᠤᠷᠣᠨᠳᠤᠬᠢ ᠳᠠᠭᠤᠳᠠᠯᠭ᠎ᠠ — ᠠᠬ᠎ᠠ ᠳᠡᠭᠦᠦ ᠬᠤᠶᠠᠷ ᠤᠨ ᠬᠡᠦᠬᠡᠳ᠂ | ᠬᠤᠭᠤᠷᠣᠨᠳᠤ ᠪᠠᠨ ᠦᠶᠡᠯᠢᠳ ᠠᠬ᠎ᠠ ᠳᠡᠭᠦᠦ᠂ ᠦᠶᠡᠯᠢᠳ ᠡᠭᠡᠴᠢ ᠳᠡᠭᠦᠦ ᠭᠡᠵᠦ ᠳᠠᠭᠤᠳᠠᠯᠴᠠᠳᠠᠭ᠃ ᠡᠳᠡ ᠪᠣᠯ | ᠣᠪᠣᠭ ᠨᠢᠭᠡᠲᠡᠢ᠃ ᠡᠭᠡᠴᠢ᠂ ᠥᠬᠢᠨ ᠳᠡᠭᠦᠦ ᠬᠤᠶᠠᠷ ᠤᠨ ᠬᠡᠦᠬᠡᠳ ᠬᠤᠭᠤᠷᠣᠨᠳᠤ ᠪᠠᠨ ᠪᠦᠯᠦ ᠠᠬ᠎ᠠ ᠳᠡᠭᠦᠦ᠂ | ᠪᠦᠯᠦ ᠡᠭᠡᠴᠢ ᠳᠡᠭᠦᠦ ᠳᠠᠭᠤᠳᠠᠵᠤ᠂ ᠲᠡᠳᠡᠨ ᠤ ᠬᠡᠦᠬᠡᠳ ᠬᠤᠭᠤᠷᠣᠨᠳᠤ ᠪᠠᠨ ᠪᠦᠯᠦᠨᠴᠢᠷ ᠪᠣᠯᠳᠠᠭ᠂ ᠲᠡᠳᠡᠨᠦᠰ | ᠪᠣᠯ ᠣᠪᠣᠭ ᠣᠨᠳᠣᠣ᠃ ᠠᠬ᠎ᠠ ᠥᠬᠢᠨ ᠳᠡᠭᠦᠦ ᠪᠤᠶᠤ ᠡᠰᠡᠬᠦᠯ᠎ᠡ ᠡᠭᠡᠴᠢ ᠳᠡᠭᠦᠦ ᠬᠤᠶᠠᠷ ᠤᠨ ᠬᠡᠦᠬᠡᠳ | ᠬᠤᠭᠤᠷᠣᠨᠳᠤ ᠪᠠᠨ ᠨᠠᠭ᠎ᠠ ᠵᠢᠭᠡ ᠪᠤᠶᠤ ᠵᠢᠭᠡ — ᠨᠠᠭ᠎ᠠ ᠪᠣᠯᠳᠠᠭ᠃ ᠨᠠᠰᠤᠨ ᠤ ᠶᠡᠭᠡ ᠪᠠᠭ᠎ᠠ ᠪᠠᠷ ᠢᠶᠠᠨ ᠨᠠᠭ᠎ᠠ | ᠠᠪᠤᠭᠠᠢ ︵ᠠᠬ᠎ᠠ︶᠂ ᠨᠠᠭ᠎ᠠ ᠠᠨᠢᠶ᠎ᠠ ︵ ᠡᠭᠡᠴᠢ︶᠂ ᠵᠢᠭᠡ ᠠᠪᠤᠭᠠᠢ ︵ᠠᠬ᠎ᠠ︶᠂ ᠵᠢᠭᠡ ᠠᠨᠢᠶ᠎ᠠ ︵ᠡᠭᠡᠴᠢ︶ | ᠭᠡᠬᠦ ᠮᠡᠨᠳᠦᠴᠢᠯᠡᠨ ᠳᠠᠭᠤᠳᠠᠳᠠᠭ᠃ ᠨᠠᠭ᠎ᠠ ᠭᠡᠳᠡᠭ ᠪᠣᠯ ᠨᠠᠭᠠᠴᠤ ᠲᠠᠢ ᠠᠳᠠᠯᠢ ᠳᠡᠭᠡᠷ᠎ᠡ ᠨᠢᠭᠡ ᠦᠶ᠎ᠡ ᠶᠢ ᠵᠢᠭᠠᠭᠰᠠᠨ | ᠤᠳᠬ᠎ᠠ ᠲᠠᠢ ᠪᠢᠰᠢ᠂ ᠬᠠᠷᠢᠨ ᠦᠶ᠎ᠡ ᠠᠳᠠᠯᠢ ᠪᠠᠶᠢᠬᠤ ᠶᠢ ᠢᠯᠡᠳᠬᠡᠭᠰᠡᠨ ᠥᠪᠡᠷᠮᠢᠴᠡ ᠳᠠᠭᠤᠳᠠᠯᠭ᠎ᠠ ᠲᠠᠰᠢᠶᠠᠷᠠᠵᠤ | ᠪᠠᠶᠢᠭ᠎ᠠ ᠶᠠᠪᠤᠳᠠᠯ ᠶᠤᠮ᠃ ᠨᠠᠭ᠎ᠠ ᠡᠪᠦᠭᠡ ᠭᠡᠳᠡᠭ ᠢᠶᠠᠷ ᠵᠢᠱᠢᠶᠡᠯᠡᠪᠡᠯ ᠲᠡᠷᠡ ᠨᠢ ᠨᠠᠭ᠎ᠠ ᠶᠢᠨ ᠡᠪᠦᠭᠡ᠂ ᠪᠡᠶ᠎ᠡ ᠳᠤ | ᠠᠪᠴᠤ ᠬᠡᠯᠡᠪᠡᠯ ᠨᠠᠭᠠᠴᠤ ᠠᠪᠤ ᠶᠢ ᠵᠢᠭᠠᠵᠤ ᠪᠠᠶᠢᠬᠤ ᠶᠢ ᠮᠡᠳᠡᠭᠡᠷᠡᠢ᠃ ᠠᠬ᠎ᠠ ᠪᠤᠶᠤ ᠳᠡᠭᠦᠦ ᠶᠢᠨ ᠬᠡᠦᠬᠡᠳ᠂ | ᠥᠪᠡᠷ ᠲᠤ ᠠᠴᠢ ᠪᠣᠯᠣᠨ᠎ᠠ᠃ ᠡᠨᠡ ᠪᠣᠯ ᠤᠳᠤᠮ ᠤᠭᠰᠠᠭ᠎ᠠ ᠳᠤ ᠠᠴᠢ ᠰᠠᠯᠠᠭ᠎ᠠ ᠦᠶ᠎ᠡ ᠭᠠᠷᠤᠯ᠎ᠠ ᠭᠡᠬᠦ ᠤᠳᠬ᠎ᠠ | ᠲᠠᠢ ᠦᠭᠡ ᠪᠣᠯᠬᠤ ᠠᠴᠠ ᠭᠠᠳᠠᠨ᠎ᠠ ᠲᠥᠷᠥᠭᠰᠡᠨ ᠬᠦᠦ ᠶᠢᠨ ᠬᠡᠦᠬᠡᠳ ᠢ ᠴᠦ ᠠᠴᠢ ᠭᠡᠵᠦ ᠳᠠᠭᠤᠳᠠᠵᠤ᠂ ᠬᠦᠦ | ᠶᠢᠨ ᠬᠡᠦᠬᠡᠳ᠂ ᠲᠥᠷᠥᠭᠰᠡᠨ ᠠᠬ᠎ᠠ ᠳᠡᠭᠦᠦ ᠨᠠᠷ ᠤᠨ ᠬᠡᠦᠬᠡᠳ ᠢ ᠬᠠᠮᠲᠤ ᠳᠤᠨᠢ ᠵᠢᠭᠠᠳᠠᠭ ᠳᠠᠪᠬᠤᠷ ᠤᠳᠬ᠎ᠠ ᠲᠠᠢ | ᠳᠠᠭᠤᠳᠠᠯᠭ᠎ᠠ ᠪᠣᠯᠬᠤ ᠶᠤᠮ᠃ | ᠡᠭᠡᠴᠢ ᠪᠠ ᠥᠬᠢᠨ ᠳᠡᠭᠦᠦ ᠶᠢᠨ ᠬᠡᠦᠬᠡᠳ ᠤᠳ ᠥᠪᠡᠷ ᠲᠤ ᠵᠢᠭᠡ ᠪᠣᠯᠳᠠᠭ᠃ ᠵᠢᠭᠡ ᠶᠢᠨ ᠬᠡᠦᠬᠡᠳ ᠨᠢ | ᠵᠢᠭᠡᠨᠴᠢᠷ ᠪᠣᠯᠳᠠᠭ᠃ | ᠰᠠᠳᠤᠨ ᠢᠶᠠᠷ ᠦᠵᠡᠬᠦ ᠣᠶᠢᠷ᠎ᠠ ᠲᠥᠷᠥᠯ ᠤᠨ ᠪᠤᠰᠤᠳ ᠳᠠᠭᠤᠳᠠᠯᠭ᠎ᠠ — ᠦᠵᠦᠮᠦᠴᠢᠨ ᠳᠤ ᠬᠤᠶᠢᠲᠤ ᠠᠪᠤ ︵ | ᠡᠴᠢᠭᠡ ᠨᠢ ᠦᠬᠦᠭᠰᠡᠨ ᠪᠤᠶᠤ ᠤᠷᠤᠭ ᠰᠠᠯᠤᠭᠰᠠᠨ ᠬᠤᠶᠢᠨ᠎ᠠ ᠡᠬᠡ ᠶᠢᠨ ᠳᠠᠬᠢᠨ ᠤᠷᠤᠭᠯᠠᠭᠰᠠᠨ ᠡᠷ᠎ᠡ ᠶᠢ ᠬᠤᠶᠢᠲᠤ | ᠠᠪᠤ ᠭᠡᠨ᠎ᠡ︶᠂ ᠬᠤᠶᠢᠲᠤ ᠡᠵᠢ ︵ᠡᠬᠡ ᠦᠬᠦᠭᠰᠡᠨ ᠪᠤᠶᠤ ᠤᠷᠤᠭ ᠰᠠᠯᠤᠭᠰᠠᠨ ᠬᠤᠶᠢᠨ᠎ᠠ ᠡᠴᠢᠭᠡ ᠶᠢᠨ ᠳᠠᠬᠢᠨ | ᠤᠷᠤᠭᠯᠠᠭᠰᠠᠨ ᠡᠮ᠎ᠡ ᠶᠢ ᠬᠤᠶᠢᠲᠤ ᠡᠵᠢ ᠭᠡᠨ᠎ᠡ︶᠂ ᠶᠡᠭᠡ ᠪᠠᠭ᠎ᠠ ᠡᠵᠢ ︵ᠡᠴᠢᠭᠡ ᠶᠢᠨ ᠰᠠᠭᠠᠳᠠᠭᠯᠠᠵᠤ | ᠪᠠᠭᠤᠯᠭᠠᠭᠰᠠᠨ᠂ ᠡᠬᠡ ᠠᠴᠠ ᠪᠤᠰᠤᠳ ᠡᠬᠡᠨᠡᠷ ᠤᠳ︶᠂ ᠲᠡᠵᠢᠭᠡᠵᠦ ᠦᠷᠡᠴᠢᠯᠡᠭᠰᠡᠨ ᠡᠴᠢᠭᠡ ᠡᠬᠡ᠂ ᠰᠦᠨᠡᠰᠦᠨ | ᠡᠭᠡᠴᠢ ︵ᠵᠠᠷᠢᠮ ᠪᠢᠴᠢᠭ ᠲᠤ ᠰᠤᠨᠤᠭᠰᠠᠨ ᠡᠭᠡᠴᠢ ᠭᠡᠬᠦ᠂ ᠡᠭᠡᠴᠢ ᠶᠢ ᠦᠬᠦᠭᠰᠡᠨ ᠪᠤᠶᠤ ᠰᠠᠯᠤᠭᠰᠠᠨ ᠬᠤᠶᠢᠨ᠎ᠠ | ᠡᠭᠡᠴᠢ ᠶᠢ ᠣᠷᠣᠯᠠᠵᠤ ᠬᠦᠷᠭᠡᠨ ᠠᠬ᠎ᠠ ᠶᠢᠨ ᠲᠠᠬᠢᠨ ᠪᠠᠭᠤᠯᠭᠠᠭᠰᠠᠨ ᠡᠬᠡᠨᠡᠷ︶᠂ ᠬᠥᠬᠦᠯᠲᠦ ᠡᠴᠢᠭᠡ ᠡᠬᠡ᠂ | ᠮᠥᠷᠭᠦᠭᠦᠯᠦᠭᠰᠡᠨ ᠥᠬᠢᠨ ᠳᠡᠭᠦᠦ᠂ ᠨᠠᠶᠢᠵᠠ ᠬᠤᠳᠠ ᠬᠤᠳᠠᠭᠠᠢ᠂ ᠨᠠᠶᠢᠵᠠ ︵ᠥᠬᠢᠳ ᠬᠤᠭᠤᠷᠣᠨᠳᠤ ᠪᠠᠨ ᠵᠢᠷᠤᠮ | ᠤᠨ ᠡᠭᠡᠴᠢ ᠳᠡᠭᠦᠦ ᠪᠠᠷᠢᠯᠳᠤᠭᠰᠠᠨ︶᠂ ᠠᠨᠳᠠ ︵ ᠬᠥᠪᠡᠭᠦᠳ ᠬᠤᠭᠤᠷᠣᠨᠳᠤ ᠪᠠᠨ ᠲᠡᠭᠷᠢ ᠳᠤ ᠮᠥᠷᠭᠦᠵᠦ | ᠠᠨᠳᠠᠭᠠᠶᠢᠯᠠᠭᠰᠠᠨ ᠠᠬ᠎ᠠ ᠳᠡᠭᠦᠦ︶᠂ ᠰᠢᠷᠭᠤᠭᠤᠯᠤᠭᠰᠠᠨ ᠡᠴᠢᠭᠡ ᠡᠬᠡ ︵ᠡᠩᠬᠦᠷᠡᠢ ᠬᠡᠦᠬᠡᠳ ᠢ ᠬᠤᠷᠮᠣᠢ ᠳᠤᠨᠢ | ᠰᠢᠷᠭᠤᠭᠤᠯᠵᠤ᠂ ᠡᠪᠦᠳᠦᠭ ᠳᠤᠨᠢ ᠮᠥᠷᠭᠦᠭᠦᠯᠵᠦ ᠡᠴᠢᠭᠡ ᠡᠬᠡ ᠲᠠᠨᠢᠭᠤᠯᠤᠭᠰᠠᠨ︶ ᠶᠢ ᠴᠥᠮ ᠵᠠᠶᠢᠯᠠᠰᠢ ᠦᠭᠡᠢ | ᠰᠠᠳᠤᠨ ᠰᠦᠯᠪᠡᠭᠡ ᠪᠠᠷ ᠦᠵᠡᠵᠦ ᠳᠠᠭᠤᠳᠠᠳᠠᠭ ᠶᠣᠰᠣ ᠲᠠᠢ᠃ | ᠦᠶ᠎ᠡ᠂ ᠨᠠᠰᠤ ᠢᠯᠭᠠᠬᠤ ᠶᠣᠰᠣᠨ — ᠦᠵᠦᠮᠦᠴᠢᠨᠴᠤᠳ ᠶᠠᠰᠤᠨ ᠲᠥᠷᠥᠯ᠂ ᠴᠢᠰᠤᠨ ᠲᠥᠷᠥᠯ᠂ ᠰᠠᠳᠤᠨ | ᠰᠦᠯᠪᠡᠭᠡ ᠶᠢᠨ ᠠᠬ᠎ᠠ ᠳᠡᠭᠦᠦ᠂ ᠡᠭᠡᠴᠢ ᠥᠬᠢᠨ ᠳᠡᠭᠦᠦ ᠶᠢᠨ ᠡᠮ᠎ᠡ ᠨᠥᠬᠦᠷ᠂ ᠡᠷ᠎ᠡ ᠨᠥᠬᠦᠷ ᠢ ᠨᠠᠰᠤ ᠢᠯᠭᠠᠬᠤ | ᠦᠭᠡᠢ ᠠᠬ᠎ᠠ ᠳᠡᠭᠦᠦ᠂ ᠡᠭᠡᠴᠢ ᠥᠬᠢᠨ ᠳᠡᠭᠦᠦ ᠪᠠᠨ ᠳᠠᠭᠠᠭᠤᠯᠵᠤ ᠳᠠᠭᠤᠳᠠᠳᠠᠭ᠃ ᠵᠢᠱᠢᠶᠡᠯᠡᠪᠡᠯ᠂ ᠪᠡᠷᠭᠡᠨ ᠤ | ᠨᠠᠰᠤ ᠨᠢ ᠪᠡᠶ᠎ᠡ ᠠᠴᠠ ᠳᠡᠭᠦᠦ ᠪᠠᠶᠢᠭᠰᠠᠨ ᠴᠦ ᠡᠭᠡᠴᠢ ᠪᠠᠷ ᠦᠵᠡᠵᠦ ᠪᠡᠷᠭᠡᠨ ᠳᠠᠭᠤᠳᠠᠨ᠎ᠠ᠃ ᠳᠡᠭᠦᠦ ᠪᠡᠷᠢ ᠶᠢᠨ | ᠨᠠᠰᠤ ᠨᠢ ᠪᠡᠶ᠎ᠡ ᠠᠴᠠ ᠡᠭᠡᠴᠢ ᠪᠠᠶᠢᠭᠰᠠᠨ ᠴᠦ ᠳᠡᠭᠦᠦ ᠪᠠᠷ ᠦᠵᠡᠵᠦ ᠳᠡᠭᠦᠦ ᠪᠡᠷᠢ ᠳᠠᠭᠤᠳᠠᠨ᠎ᠠ᠃ ᠬᠦᠷᠭᠡᠨ ᠠᠬ᠎ᠠ | ᠶᠢᠨ ᠨᠠᠰᠤ ᠨᠢ ᠪᠡᠶ᠎ᠡ ᠠᠴᠠ ᠳᠡᠭᠦᠦ ᠴᠦ ᠠᠬ᠎ᠠ ᠪᠠᠷ ᠦᠵᠡᠵᠦ ᠬᠦᠷᠭᠡᠨ ᠠᠬ᠎ᠠ ᠳᠠᠭᠤᠳᠠᠵᠤ᠂ ᠳᠡᠭᠦᠦ ᠬᠦᠷᠭᠡᠨ ᠤ | ᠨᠠᠰᠤ ᠪᠡᠶ᠎ᠡ ᠠᠴᠠ ᠠᠬ᠎ᠠ ᠪᠠᠶᠢᠭᠰᠠᠨ ᠴᠦ ᠳᠡᠭᠦᠦ ᠪᠠᠷ ᠦᠵᠡᠵᠦ ᠳᠡᠭᠦᠦ ᠬᠦᠷᠭᠡᠨ ᠳᠠᠭᠤᠳᠠᠨ᠎ᠠ᠃ ᠪᠡᠷᠭᠡᠨ ᠪᠠ | ᠬᠦᠷᠭᠡᠨ ᠠᠬ᠎ᠠ ᠶᠢᠨ ᠳᠡᠭᠦᠦ ᠪᠠ ᠥᠬᠢᠨ ᠳᠡᠭᠦᠦ ᠶᠢ ᠨᠠᠰᠤ ᠢᠯᠭᠠᠵᠤ ᠪᠡᠶ᠎ᠡ ᠠᠴᠠ ᠨᠠᠰᠤ ᠠᠬ᠎ᠠ ᠶᠢ ᠨᠢ ᠬᠤᠳᠠ | ᠠᠬ᠎ᠠ᠂ ᠬᠤᠳᠠᠭᠠᠢ ᠡᠭᠡᠴᠢ ᠭᠡᠵᠦ᠂ ᠨᠠᠰᠤ ᠳᠡᠭᠦᠦ ᠶᠢ ᠬᠤᠳᠠ ᠳᠡᠭᠦᠦ᠂ ᠬᠤᠳᠠᠭᠠᠢ ᠥᠬᠢᠨ ᠳᠡᠭᠦᠦ ᠭᠡᠵᠦ | ᠳᠠᠭᠤᠳᠠᠨ᠎ᠠ᠃ | ᠳᠡᠭᠦᠦ ᠪᠡᠷᠢ ᠪᠠ ᠳᠡᠭᠦᠦ ᠬᠦᠷᠭᠡᠨ ᠤ ᠠᠬ᠎ᠠ ᠡᠭᠡᠴᠢ ᠶᠢ ᠮᠥᠨ ᠨᠠᠰᠤ ᠢᠯᠭᠠᠵᠤ᠂ ᠪᠡᠶ᠎ᠡ ᠠᠴᠠ ᠠᠬ᠎ᠠ ︵ᠡᠭᠡᠴᠢ | ︶ ᠶᠢ ᠨᠢ ᠬᠤᠳᠠ ᠠᠬ᠎ᠠ᠂ ᠬᠤᠳᠠᠭᠠᠢ ᠡᠭᠡᠴᠢ ᠭᠡᠵᠦ᠂ ᠨᠠᠰᠤ ᠪᠠᠷ ᠳᠡᠭᠦᠦ ᠶᠢ ᠨᠢ ᠬᠤᠳᠠ ᠳᠡᠭᠦᠦ᠂ ᠬᠤᠳᠠᠭᠠᠢ | ᠥᠬᠢᠨ ᠳᠡᠭᠦᠦ ᠭᠡᠵᠦ ᠳᠠᠭᠤᠳᠠᠨ᠎ᠠ᠃ ᠳᠡᠭᠦᠦ ᠪᠡᠷᠢ ᠪᠠ ᠳᠡᠭᠦᠦ ᠬᠦᠷᠭᠡᠨ ᠤ ᠳᠡᠭᠦᠦ ᠨᠠᠷ ᠤᠳ ᠢ ᠨᠠᠰᠤ ᠨᠢ ᠪᠡᠶ᠎ᠡ | ᠠᠴᠠ ᠠᠬ᠎ᠠ ᠪᠠᠶᠢᠭᠰᠠᠨ ᠴᠦ ᠬᠤᠳᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠳᠠᠭ᠃ | ᠡᠬᠡᠨᠡᠷ ᠬᠠᠷ᠎ᠠ ᠬᠥᠮᠥᠨ ᠬᠤᠶᠠᠷ ︵ᠡᠷ᠎ᠡ ᠡᠮ᠎ᠡ ᠬᠤᠶᠠᠷ︶ ᠬᠠᠷᠢᠯᠴᠠᠨ ᠨᠢᠭᠡᠨ ᠢᠶᠠᠨ ᠳᠠᠭᠠᠵᠤ᠂ ᠡᠬᠡᠨᠡᠷ ᠨᠢ ᠬᠠᠷ᠎ᠠ | ᠬᠥᠮᠥᠨ ᠢᠶᠠᠨ ᠳᠠᠭᠠᠵᠤ ᠬᠠᠷ᠎ᠠ ᠬᠥᠮᠥᠨ ᠨᠢ ᠡᠬᠡᠨᠡᠷ ᠢᠶᠠᠨ ᠳᠠᠭᠠᠵᠤ ᠨᠠᠰᠤ ᠢᠯᠭᠠᠬᠤ ᠦᠭᠡᠢ ᠳᠠᠭᠤᠳᠠᠳᠠᠭ᠃ | ᠵᠢᠱᠢᠶᠡᠯᠡᠪᠡᠯ᠂ ᠬᠠᠷ᠎ᠠ ᠬᠥᠮᠥᠨ ᠤ ᠠᠬ᠎ᠠ ᠡᠭᠡᠴᠢ ᠶᠢᠨ ᠨᠠᠰᠤ ᠨᠢ ᠳᠡᠭᠦᠦ ᠪᠠᠶᠢᠭᠰᠠᠨ ᠴᠦ ᠪᠡᠷᠢ ᠨᠢ ᠬᠠᠳᠠᠮ ᠠᠬ᠎ᠠ᠂ | ᠬᠠᠳᠠᠮ ᠡᠭᠡᠴᠢ ᠳᠠᠭᠤᠳᠠᠨ᠎ᠠ᠃ ᠬᠠᠷ᠎ᠠ ᠬᠥᠮᠥᠨ ᠤ ᠳᠡᠭᠦᠦ ᠶᠢᠨ ᠨᠠᠰᠤ ᠨᠢ ᠪᠡᠷᠭᠡᠨ ᠠᠴᠠ ᠪᠠᠨ ᠠᠬ᠎ᠠ ᠪᠤᠶᠤ ᠡᠭᠡᠴᠢ | ᠪᠠᠶᠢᠭᠰᠠᠨ ᠴᠦ ᠪᠡᠷᠭᠡᠨ ᠨᠢ ᠬᠠᠳᠠᠮ ᠳᠡᠭᠦᠦ᠂ ᠬᠠᠳᠠᠮ ᠥᠬᠢᠨ ᠳᠡᠭᠦᠦ ᠳᠠᠭᠤᠳᠠᠨ᠎ᠠ᠃ ᠮᠥᠨ ᠡᠨᠡ ᠮᠡᠲᠦ ᠪᠠᠷ | ᠡᠬᠡᠨᠡᠷ ᠤᠨ ᠠᠬ᠎ᠠ ᠡᠭᠡᠴᠢ ᠶᠢᠨ ᠨᠠᠰᠤ ᠨᠢ ᠳᠡᠭᠦᠦ ᠬᠦᠷᠭᠡᠨ ᠠᠴᠠ ᠪᠠᠨ ᠳᠡᠭᠦᠦ ᠪᠠᠶᠢᠭᠰᠠᠨ ᠴᠦ ᠬᠦᠷᠭᠡᠨ ᠨᠢ | ᠬᠠᠳᠠᠮ ᠠᠬ᠎ᠠ᠂ ᠡᠭᠡᠴᠢ ᠳᠠᠭᠤᠳᠠᠵᠤ ᠬᠦᠷᠢ ᠳᠡᠭᠦᠦ ᠨᠠᠷ ᠤᠨ ᠨᠠᠰᠤ ᠨᠢ ᠪᠡᠶ᠎ᠡ ᠠᠴᠠ ᠨᠢ ᠠᠬ᠎ᠠ ᠪᠠᠶᠢᠭᠰᠠᠨ ᠴᠦ | ᠬᠦᠷᠢ ᠳᠡᠭᠦᠦ᠂ ᠬᠦᠷᠢ ᠥᠬᠢᠨ ᠳᠡᠭᠦᠦ ᠭᠡᠵᠦ ᠳᠠᠭᠤᠳᠠᠳᠠᠭ᠃ | ᠵᠠᠷᠢᠮ ᠳᠠᠭᠤᠳᠠᠯᠭ᠎ᠠ ᠳᠤ ᠦᠶ᠎ᠡ ᠶᠢ ᠴᠢᠩᠭ᠎ᠠ ᠢᠯᠭᠠᠵᠤ᠂ ᠨᠠᠰᠤ ᠶᠢ ᠢᠯᠭᠠᠬᠤ ᠦᠭᠡᠢ ᠪᠠᠶᠢᠳᠠᠭ᠃ ᠵᠢᠱᠢᠶᠡᠯᠡᠪᠡᠯ᠂ | ᠠᠪᠠᠭ᠎ᠠ ᠶᠢᠨ ᠨᠠᠰᠤ ᠨᠢ ᠪᠡᠶ᠎ᠡ ᠠᠴᠠ ᠳᠡᠭᠦᠦ ᠪᠠᠶᠢᠭᠰᠠᠨ ᠴᠦ ᠡᠴᠢᠭᠡ ᠦᠶ᠎ᠡ ᠶᠢᠨ ᠬᠥᠮᠥᠨ᠂ ᠦᠶᠡᠯᠢᠳ ᠳᠡᠭᠦᠦ | ᠶᠢᠨ ᠨᠠᠰᠤ ᠨᠢ ᠪᠡᠶ᠎ᠡ ᠠᠴᠠ ᠠᠬ᠎ᠠ ᠪᠠᠶᠢᠭᠰᠠᠨ ᠴᠦ ᠬᠥᠪᠡᠭᠦᠳ ᠦᠶ᠎ᠡ ᠶᠢᠨ ᠬᠥᠮᠥᠨ᠃ | ᠳᠡᠭᠡᠷ᠎ᠡ ᠳᠣᠣᠷ᠎ᠠ ᠦᠶ᠎ᠡ ᠶᠢᠨ ᠬᠥᠮᠥᠰ ᠤᠨ ᠢᠵᠢᠯ ᠦᠶ᠎ᠡ ᠳᠣᠲᠣᠷᠠᠬᠢ ᠶᠡᠭᠡ ᠪᠠᠭ᠎ᠠ ᠶᠢ ᠢᠯᠭᠠᠬᠤ ᠳᠠᠭᠠᠨ | ᠳᠡᠭᠡᠷ᠎ᠡ ᠦᠶ᠎ᠡ ᠶᠢᠨ ᠬᠥᠮᠥᠰ ᠤᠨ ᠢᠵᠢᠯ ᠦᠶ᠎ᠡ ᠶᠢᠨ ᠬᠢᠨᠢ ᠳᠣᠲᠣᠷᠠᠬᠢ ᠶᠡᠭᠡ ᠪᠠᠭ᠎ᠠ ᠶᠢ ᠠᠬ᠎ᠠ ᠪᠣᠯᠬᠤ ᠶᠢ ᠨᠢ ︽ | ᠶᠡᠭᠡ︾᠂ ᠳᠡᠭᠦᠦ ᠪᠣᠯᠬᠤ ᠶᠢ ᠨᠢ ︽ᠪᠠᠭ᠎ᠠ︾ ᠪᠠᠷ ᠲᠣᠳᠣᠳᠬᠠᠵᠤ ᠳᠠᠭᠤᠳᠠᠳᠠᠭ᠃ ᠳᠣᠣᠷ᠎ᠠ ᠦᠶ᠎ᠡ ᠶᠢᠨ ᠬᠥᠮᠥᠰ | ᠢ ᠨᠡᠷ᠎ᠡ ᠪᠠᠷ ᠨᠢ ᠪᠤᠶᠤ ᠳᠡᠭᠦᠦ ᠪᠣᠯᠬᠤ ᠶᠢ ᠨᠢ ︽ᠪᠠᠭ᠎ᠠ︾ ᠪᠠᠷ ᠲᠣᠳᠣᠳᠬᠠᠵᠤ ᠳᠠᠭᠤᠳᠠᠳᠠᠭ᠃ ᠳᠣᠣᠷ᠎ᠠ ᠦᠶ᠎ᠡ | ᠶᠢᠨ ᠬᠥᠮᠥᠰ ᠢ ᠨᠡᠷ᠎ᠡ ᠪᠠᠷ ᠨᠢ ᠪᠤᠶᠤ ᠦᠶ᠎ᠡ ᠪᠠᠷ ᠨᠢ ᠰᠢᠭᠤᠳ ᠳᠠᠭᠤᠳᠠᠳᠠᠭ ᠪᠣᠯᠪᠠᠴᠤ ᠲᠡᠳᠡᠨ ᠢ ᠢᠵᠢᠯ ᠦᠶ᠎ᠡ | ᠳᠣᠲᠣᠷ᠎ᠠ ᠨᠢ ᠬᠠᠷᠢᠨ ᠬᠠᠮᠤᠭ ᠤᠨ ᠲᠡᠷᠢᠭᠦᠨ ᠳᠤ ᠲᠥᠷᠥᠭᠰᠡᠨ ᠢ ᠨᠢ ᠤᠤᠭᠠᠨ᠂ ᠳᠠᠷᠠᠭ᠎ᠠ ᠲᠥᠷᠥᠭᠰᠡᠨ ᠢ ᠨᠢ | ᠤᠳᠠᠭᠠᠬᠢ᠂ ᠬᠠᠮᠤᠭ ᠤᠨ ᠰᠡᠭᠦᠯ ᠲᠥᠷᠥᠭᠰᠡᠨ ᠢ ᠨᠢ ᠣᠳᠬᠤᠨ ᠭᠡᠵᠦ ᠢᠯᠭᠠᠨ ᠳᠠᠭᠤᠳᠠᠳᠠᠭ ᠶᠤᠮ᠃ | |