ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠤᠨ ᠤᠷᠳᠤᠨ | | ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠤᠨ ᠤᠷᠳᠤᠨ ᠨᠢ 1976 ᠤᠨ ᠳᠤ ᠪᠠᠶᠢᠭᠤᠯᠤᠭᠳᠠᠵᠦ᠂ | 2010 ᠤᠨ ᠤ 4 ᠰᠠᠷ᠎ᠠ ᠳᠤ ᠰᠤᠶᠤᠯ ᠳᠠᠮᠢᠷ ᠤᠨ ᠶᠠᠷᠦᠩᠬᠡᠶᠢᠯᠡᠭᠰᠡᠨ ᠠᠰᠠᠷ ᠲᠤ ᠠᠯᠪᠠᠯᠠᠵᠦ᠂ ᠳᠤᠳᠤᠭᠠᠳᠤ | ᠳᠠᠭᠠᠨ ᠪᠤᠳᠡᠰ ᠤᠨ ᠪᠤᠰᠤ ᠰᠤᠶᠤᠯ ᠤᠨ ᠦᠪ ᠤᠨ ᠦᠵᠡᠬᠦᠯᠦᠯᠬᠡ ᠶᠢᠨ ᠳᠢᠩᠬᠢᠮ᠂ ᠪᠡᠶ᠎ᠡ ᠴᠠᠬᠢᠷᠠᠭᠵᠢᠭᠤᠯᠬᠤ | ᠳᠠᠰᠤᠭ᠂ ᠤᠯᠠᠨ ᠬᠡᠷᠡᠭᠴᠡᠬᠡᠳᠦ ᠬᠦᠳᠡᠯᠬᠡᠬᠡᠨ ᠤ ᠳᠡᠰᠤᠭ᠂ ᠤᠷᠠᠨ ᠵᠢᠷᠤᠭ᠂ ᠦᠰᠦᠨ ᠪᠢᠴᠢᠯᠬᠡ ᠶᠢᠨ ᠳᠠᠰᠤᠭ᠂ | ᠬᠡᠷᠡᠯ ᠵᠢᠷᠤᠭ ᠤᠨ ᠳᠠᠰᠤᠭ ᠵᠡᠷᠬᠡ ᠰᠠᠯᠪᠤᠷᠢ ᠤᠳ ᠢ ᠪᠠᠶᠢᠭᠤᠯᠤᠨ᠂《 ᠪᠠᠶᠠᠷ ᠳᠤᠷᠠᠰᠬᠠᠯ ᠤᠨ ᠰᠤᠶᠤᠯ ᠢ | ᠪᠠᠶᠠᠯᠢᠭᠵᠢᠭᠤᠯᠵᠦ ᠨᠠᠷᠠᠳᠤ ᠳᠡᠮᠳᠡᠭ ᠤᠨ ᠰᠤᠶᠤᠯ ᠢ ᠴᠤᠭᠴᠠᠯᠠᠨ᠂ ᠦᠨᠳᠦᠰᠦᠨ ᠱᠠᠳᠤᠨ ᠤ ᠰᠤᠶᠤᠯ ᠢ | ᠬᠦᠭᠵᠢᠬᠡᠵᠦ᠂ ᠪᠤᠳᠡᠰ ᠤᠨ ᠪᠤᠰᠤ ᠰᠤᠶᠤᠯ ᠢ ᠪᠠᠳᠠᠷᠠᠭᠤᠯᠤᠨ ᠡᠶ᠎ᠡ ᠵᠤᠬᠢᠴᠠᠯᠳᠤ ᠰᠤᠶᠤᠯ ᠢ ᠪᠠᠶᠢᠭᠤᠯᠤᠶ᠎ᠠ》 ᠬᠡᠬᠦ | ᠭᠤᠤᠯ ᠰᠡᠳᠦᠪ ᠤᠨ ᠳᠤᠭᠤᠷᠢᠨ ᠳᠤ ᠡᠯ᠎ᠡ ᠳᠠᠯ᠎ᠠ ᠶᠢᠨ ᠠᠵᠢᠯ ᠡᠬᠦᠷᠬᠡ ᠪᠠᠨ ᠠᠮᠵᠢᠯᠳᠠ ᠲᠠᠢ ᠪᠠᠶᠠᠯᠠᠬᠦᠯᠵᠦ᠂ | ᠳᠤᠪᠤᠶᠢᠮ᠎ᠡ ᠠᠮᠵᠢᠯᠳᠠ ᠤᠯᠤᠭᠰᠡᠨ ᠪᠢᠯᠠ᠃ | ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠤᠨ ᠤᠷᠳᠤᠨ ᠨᠢ ᠤᠷᠴᠢᠮ ᠤᠨ ᠬᠡᠳᠦᠨ ᠵᠢᠯ ᠠᠴᠠ ᠤᠯᠠᠨ | ᠲᠦᠮᠡᠨᠴᠢ ᠰᠤᠶᠤᠯ ᠤᠨ ᠠᠵᠢᠯᠯᠠᠭ᠎ᠠ ᠶᠢ ᠦᠷᠬᠡᠨ ᠳᠡᠯᠭᠡᠷ ᠦᠷᠨᠢᠬᠦᠯᠬᠦ ᠶᠢᠨ ᠵᠡᠷᠬᠡ ᠪᠠᠷ ᠪᠤᠳᠡᠰ ᠤᠨ ᠪᠤᠰᠤ ᠰᠤᠶᠤᠯ | ᠤᠨ ᠦᠪ ᠢ ᠡᠷᠡᠮᠡᠯᠵᠢᠯᠠᠨ ᠮᠡᠳᠡᠬᠦᠯᠬᠦ ᠠᠵᠢᠯ ᠢ ᠴᠢᠩᠭ᠎ᠠ ᠠᠳᠬᠤᠵᠦ ᠢᠷᠡᠭᠰᠡᠨ ᠢᠶᠠᠷ ᠦᠨᠦ ᠪᠤᠯᠳᠠᠯ᠎ᠠ《 | ᠦᠵᠦᠮᠦᠴᠢᠨ ᠬᠤᠷᠢᠮ》᠂《 ᠦᠵᠦᠮᠦᠴᠢᠨ ᠪᠦᠬᠡ》᠂《 ᠦᠵᠦᠮᠦᠴᠢᠨ ᠢᠷᠦᠬᠡᠯ ᠮᠠᠭᠳᠠᠭᠠᠯ》᠂《 | ᠦᠵᠦᠮᠦᠴᠢᠨ ᠳᠠᠬᠢᠯᠭ᠎ᠠ》᠂《 ᠦᠵᠦᠮᠦᠴᠢᠨ ᠬᠤᠪᠴᠠᠰᠤ ᠵᠠᠰᠠᠯ》᠂《 ᠦᠵᠦᠮᠦᠴᠢᠨ ᠤᠷᠳᠤ ᠶᠢᠨ | ᠳᠠᠭᠤᠤ》᠂《 ᠮᠤᠩᠭᠤᠯ ᠭᠡᠷ ᠦᠢᠯᠡᠳᠬᠦ ᠤᠷ᠎ᠠ ᠮᠡᠷᠬᠡᠵᠢᠯ》᠂《 ᠦᠵᠦᠮᠦᠴᠢᠨ ᠰᠤᠷ ᠬᠠᠷᠪᠤᠯᠭ᠎ᠠ》 ᠵᠡᠷᠬᠡ | ᠨᠡᠢᠮᠡᠨ ᠲᠦᠷᠦᠯ ᠢ ᠦᠪᠡᠷᠳᠡᠬᠡᠨ ᠵᠠᠰᠠᠬᠤ ᠤᠷᠤᠨ ᠤ ᠪᠤᠳᠡᠰ ᠤᠨ ᠪᠤᠰᠤ ᠰᠤᠶᠤᠯ ᠤᠨ ᠦᠪ ᠲᠤ ᠪᠦᠷᠢᠳᠬᠦᠬᠦᠯᠵᠦ᠂ | 《 ᠦᠵᠦᠮᠦᠴᠢᠨ ᠪᠠᠶᠠᠷ ᠶᠤᠰᠤᠯᠠᠯ》《 ᠦᠵᠦᠮᠦᠴᠢᠨ ᠬᠤᠷᠢᠮ》᠂《 ᠦᠵᠦᠮᠦᠴᠢᠨ ᠪᠦᠬᠡ》᠂《 | ᠦᠵᠦᠮᠦᠴᠢᠨ ᠢᠷᠦᠬᠡᠯ ᠮᠠᠭᠳᠠᠭᠠᠯ》᠂《 ᠦᠵᠦᠮᠦᠴᠢᠨ ᠳᠠᠬᠢᠯᠭ᠎ᠠ》᠂《 ᠦᠵᠦᠮᠦᠴᠢᠨ ᠬᠤᠪᠴᠠᠰᠤ ᠵᠠᠰᠠᠯ》 | ᠂《 ᠦᠵᠦᠮᠦᠴᠢᠨ ᠤᠷᠳᠤ ᠶᠢᠨ ᠳᠠᠭᠤᠤ》᠂《 ᠮᠤᠩᠭᠤᠯ ᠭᠡᠷ ᠦᠢᠯᠡᠳᠬᠦ ᠤᠷ᠎ᠠ ᠮᠡᠷᠬᠡᠵᠢᠯ》᠂《 | ᠦᠵᠦᠮᠦᠴᠢᠨ ᠰᠤᠷ ᠬᠠᠷᠪᠤᠯᠭ᠎ᠠ》 ᠵᠡᠷᠬᠡ ᠶᠢᠰᠦᠨ ᠲᠦᠷᠦᠯ ᠢ ᠰᠢᠯᠢ ᠶᠢᠨ ᠭᠤᠤᠯ ᠠᠶᠢᠮᠠᠭ ᠤᠨ ᠪᠤᠳᠡᠰ ᠤᠨ ᠪᠤᠰᠤ | ᠰᠤᠶᠤᠯ ᠤᠨ ᠦᠪ ᠲᠤ ᠳᠡᠮᠳᠡᠭᠯᠡᠬᠦᠯᠵᠦ ᠬᠤᠤᠰ ᠦᠬᠡᠢ ᠦᠭᠬᠦᠬᠡᠵᠢᠳᠦ ᠰᠤᠶᠤᠯ ᠤᠨ ᠰᠠᠶᠢᠠᠬᠨ ᠪᠤᠶᠠᠨ ᠢᠶᠠᠨ | ᠬᠤᠳᠠᠯᠠ ᠮᠤᠩᠭᠤᠯ ᠲᠦᠮᠡᠨ ᠳᠡᠭᠡᠨ ᠦᠯᠡᠳᠡᠬᠡᠨ ᠪᠢᠴᠢᠭᠯᠡᠭᠰᠡᠨ ᠪᠢᠯᠡ᠃ | ᠲᠦᠮᠡᠨ ᠤ ᠶᠡᠭᠡ ᠪᠤᠶᠠᠨ ᠢ ᠲᠦᠷᠦᠭᠰᠡᠨ ᠨᠤᠳᠤᠭ ᠳᠠᠭᠠᠨ ᠦᠢᠯᠡᠳᠴᠦ ᠶᠠᠪᠤᠭᠰᠡᠨ ᠨᠦᠷ᠎ᠡ ᠶᠡᠭᠡ ᠬᠦᠳᠡᠯᠮᠤᠷᠢ | ᠶᠢ ᠨᠢ ᠲᠦᠷᠦ ᠲᠦᠮᠡᠨ ᠨᠢ ᠦᠨᠡᠯᠡᠨ ᠬᠤᠰᠢᠭᠤ ᠰᠤᠶᠤᠯ ᠤᠨ ᠤᠷᠳᠤᠨ ᠨᠢ ᠤᠷᠢᠳ ᠬᠤᠵᠢᠳ ᠪᠦᠬᠦ ᠠᠶᠢᠮᠠᠭ | ᠤᠨ《 ᠳᠤᠬᠠᠶᠢᠯᠠᠭᠰᠡᠨ ᠠᠵᠢᠯ ᠤᠨ ᠬᠠᠷᠠᠯᠳᠠ ᠶᠢᠨ ᠬᠢᠨᠠᠯᠳᠠ ᠶᠢᠨ ᠳᠠᠷᠢᠬᠦᠨ ᠤ ᠬᠠᠮᠳᠤ ᠨᠢᠬᠡᠴᠡ》᠂《 ᠪᠦᠬᠦ | ᠠᠶᠢᠮᠠᠭ ᠤᠨ ᠦᠨᠳᠦᠰᠦᠨ ᠱᠠᠳᠤᠨ ᠤ ᠰᠤᠶᠤᠯ ᠤᠨ ᠠᠵᠢᠯ ᠤᠨ ᠳᠠᠷᠢᠬᠦᠨ ᠤ ᠬᠠᠮᠳᠤ ᠨᠢᠬᠡᠴᠡ》 ᠵᠡᠷᠬᠡ ᠢᠷᠠᠭᠤ | ᠠᠯᠳᠠᠷ ᠢᠶᠠᠷ ᠦᠨᠡᠯᠡᠬᠦᠯᠦᠭᠰᠡᠭᠡᠷ ᠢᠷᠡᠵᠡᠢ᠃ |