ᠦᠵᠦᠮᠦᠴᠢᠨ ᠮᠣᠩᠭᠤᠯᠴᠣᠳ ᠤᠨ ᠲᠦᠷᠪᠡᠨ ᠣᠯᠠᠷᠢᠯ ᠤᠨ ᠬᠤᠪᠴᠠᠰᠣ ᠵᠠᠰᠠᠯ ᠤᠨ ᠲᠤᠬᠠᠢ ᠦᠭᠦᠯᠡᠬᠦ | ᠨᠢ | | ᠦᠵᠦᠮᠦᠴᠢᠨ ᠮᠣᠩᠭᠤᠯᠴᠣᠳ ᠡᠪᠦᠭᠡ ᠳᠡᠭᠡᠳᠦᠰ ᠠᠴᠠ ᠨᠡᠭᠦᠳᠡᠯ ᠮᠠᠯᠵᠢᠯ ᠤᠨ ᠠᠮᠢᠳᠣᠷᠠᠯ ᠲᠠᠢ ᠪᠠᠨ | ᠵᠣᠬᠢᠴᠠᠭᠤᠯᠤᠨ ᠤᠶᠠᠯᠳᠤᠭᠤᠯᠵᠤ᠂ ᠡᠷᠬᠢᠬᠦ ᠵᠢᠯ ᠤᠨ ᠳᠦᠷᠪᠡᠨ ᠣᠯᠠᠷᠢᠯ ᠤᠨ ᠠᠭᠤᠷ ᠠᠮᠢᠰᠬᠤᠯ ᠲᠠᠢ | ᠵᠣᠬᠢᠴᠠᠭᠤᠯᠤᠨ ᠪᠥᠰ ᠪᠠᠷᠠᠭ᠎ᠠ᠂ ᠬᠦᠪᠦᠩ᠂ ᠠᠷᠠᠰᠤ ᠵᠡᠷᠭᠡ ᠪᠠᠷ ᠦᠪᠡᠷ ᠤᠨ ᠭᠡᠰᠡᠨ ᠣᠨᠴᠠᠯᠢᠭ ᠲᠠᠢ ᠳᠡᠪᠡᠯ᠂ | ᠲᠡᠷᠯᠢᠭ᠂ ᠴᠠᠮᠴᠠ ︵ᠬᠠᠨᠳᠠᠭᠠᠰᠣ︶ ᠬᠤᠪᠴᠠᠰᠣ ᠣᠶᠣᠵᠤ ᠡᠪᠦᠭᠡ ᠳᠡᠭᠡᠳᠦ ᠶᠢᠨ ᠦᠶ᠎ᠡ ᠠᠴᠠ ᠪᠠᠨ ᠣᠳᠣ ᠪᠣᠯᠲᠠᠯ᠎ᠠ | ᠡᠳ᠋ᠯᠡᠵᠦ ᠬᠡᠷᠡᠭᠯᠡᠵᠦ ᠢᠷᠡᠪᠡ᠃ ᠡᠨᠡ ᠨᠢ ᠪᠢᠳᠡᠨ ᠳᠤ ᠨᠡᠭᠦᠳᠡᠯ ᠮᠠᠯᠵᠢᠯ ᠤᠨ ᠠᠵᠤ ᠠᠮᠢᠳᠣᠷᠠᠯ ᠳᠤᠨᠢ ᠲᠤᠶᠢᠯ ᠢᠶᠠᠷ | ᠵᠣᠬᠢᠴᠠᠯᠳᠤᠭᠰᠠᠨ ᠪᠠᠶᠢᠳᠠᠭ᠃ ᠵᠢᠱᠢᠶᠡᠯᠡᠪᠡᠯ᠄ ᠡᠨᠡᠬᠦ ᠬᠤᠪᠴᠠᠰᠣ ᠵᠠᠰᠠᠯ ᠡᠪᠦᠯ ᠬᠠᠪᠤᠷ ᠤᠨ ᠬᠦᠢᠲᠡᠨ ᠨᠤᠶᠢᠲᠠᠨ ᠳᠤ | ᠪᠡᠶ᠎ᠡ ᠴᠤᠭᠴᠠᠰ ᠲᠤ ᠬᠠᠯᠬᠠᠪᠴᠢ ᠪᠣᠯᠵᠤ ᠰᠠᠯᠬᠢ ᠪᠣᠷᠤᠭᠠᠨ ᠳᠤ ᠪᠡᠶ᠎ᠡ ᠮᠠᠬᠠᠪᠤᠳ ᠢ ᠨᠢ ᠬᠠᠮᠠᠭᠠᠯᠠᠬᠤ ᠪᠠᠷ ᠪᠠᠷᠠᠬᠤ | ᠦᠭᠡᠢ᠂ ᠬᠡᠭᠡᠷ᠎ᠡ ᠭᠠᠳᠠᠨ᠎ᠠ ᠬᠤᠨᠣᠵᠤ ᠬᠡᠪᠲᠡᠬᠦ ᠳᠤ ᠬᠤᠴᠢᠯᠭ᠎ᠠ ᠪᠣᠯᠳᠠᠭ᠂ ᠡᠳᠦᠷ ᠡᠮᠦᠰᠴᠦ ᠰᠦᠨᠢ ᠬᠦᠨᠵᠢᠯᠡ | ᠪᠣᠯᠭᠠᠨ ᠨᠦᠮᠦᠷᠴᠣ ᠣᠨᠲᠠᠳᠠᠭ ᠪᠠᠶᠢᠨ᠎ᠠ᠃ ᠣᠳᠠᠭᠠᠨ ᠣᠨ ᠤ ᠳᠡᠥᠬᠡ ᠲᠠᠢ ᠡᠨᠡᠬᠦ ᠲᠦᠷᠪᠡᠨ ᠣᠯᠠᠷᠢᠯ ᠤᠨ | ᠬᠤᠪᠴᠠᠰᠣ ᠵᠠᠰᠠᠯ ᠤᠨ ᠰᠣᠶᠣᠯ ᠨᠢ ᠦᠵᠦᠮᠦᠴᠢᠨ ᠪᠦᠰᠡᠭᠦᠶᠢᠴᠦᠳ ᠤᠨ ᠠᠵᠢᠯᠴᠢ ᠬᠤᠶᠠᠷ ᠭᠠᠷ ᠤᠨ ᠠᠷᠪᠠᠨ | ᠬᠤᠷᠣᠭᠤ ᠶᠢᠨ ᠡᠷᠳᠡᠮ ᠢᠶᠠᠷ ᠭᠠᠶᠢᠬᠠᠭᠤᠯᠤᠨ᠂ ᠬᠡᠮᠵᠢᠵᠦ ᠡᠰᠬᠡᠬᠦ ᠤᠷ᠎ᠠ ᠮᠡᠷᠭᠡᠵᠢᠯ ᠤᠨ ᠲᠤᠬᠤᠢ᠂ ᠲᠥᠭᠡ᠂ | ᠰᠦᠭᠦᠮ ︵ᠦᠵᠦᠭᠦᠷ ᠰᠦᠭᠦᠮ᠂ ᠮᠤᠬᠤᠷ ᠰᠦᠭᠦᠮ︶ ᠬᠤᠷᠣᠭᠤ ᠵᠡᠷᠭᠡ ᠪᠠᠷ ᠬᠡᠮᠵᠢᠶᠡᠯᠡᠭᠳᠡᠵᠦ᠂ ᠠᠭᠤᠵᠢᠮ | ᠡᠪᠯᠢᠭ ᠢ ᠨᠢ ᠳᠠᠭᠠᠷᠠᠭᠤᠯᠵᠤ ᠣᠲᠠᠰᠣ ᠵᠡᠭᠦᠦ ᠶᠢᠨ ᠬᠤᠯᠪᠣᠭᠠᠰᠤ ᠪᠠᠷ ᠣᠷᠠᠯᠠᠵᠤ ᠰᠠᠶᠢᠬᠠᠨ ᠣᠶᠣᠳᠠᠭ ᠶᠤᠮ᠃ | ᠡᠶᠢᠮᠦ ᠠᠴᠠ ᠪᠢ ᠡᠷᠲᠡ ᠦᠶ᠎ᠡ ᠳᠤ ᠦᠵᠦᠮᠦᠴᠢᠨ ᠬᠦᠮᠦᠰ ᠶᠠᠮᠠᠷ ᠣᠯᠠᠷᠢᠯ ᠳᠤ ᠶᠠᠮᠠᠷ ᠬᠤᠪᠴᠠᠰᠣ ᠡᠮᠦᠰᠳᠡᠭ᠂ | ᠶᠠᠭᠠᠬᠢᠵᠤ ᠬᠡᠮᠵᠢᠵᠦ ᠣᠶᠣᠵᠤ ᠪᠦᠲᠦᠭᠡᠳᠡᠭ ᠢ ᠲᠠᠨᠢᠯᠴᠠᠭᠤᠯᠤᠶ᠎ᠠ᠃ | ᠬᠠᠪᠤᠷ ᠤᠨ ᠣᠯᠠᠷᠢᠯ ᠳᠤ ᠦᠵᠦᠮᠦᠴᠢᠨ ᠡᠷᠡᠴᠦᠳ ᠲᠤᠯᠤᠭᠠᠢ ᠳᠠᠭᠠᠨ ᠬᠠᠷ᠎ᠠ ᠰᠣᠪᠰᠤᠭ ᠤᠨ ᠳᠣᠭᠤᠢ ᠮᠠᠯᠠᠭᠠᠢ | ᠪᠣᠶᠣ ᠣᠷᠲᠣ ᠳᠠᠪᠤᠤ ᠣᠷᠢᠶᠠᠳᠠᠭ᠂ ᠪᠡᠶ᠎ᠡ ᠳᠡᠭᠡᠨ ᠢᠯᠬᠢᠨ ᠳᠡᠪᠡᠯ ᠪᠣᠶᠣ ᠬᠦᠪᠦᠩ ᠲᠠᠢ ᠲᠡᠷᠯᠢᠭ ᠡᠮᠦᠰᠴᠦ᠂ | ᠴᠢᠰᠴᠠᠤ ᠪᠦᠰᠡ ᠶᠢ ᠠᠷᠤ ᠭᠤᠣᠯ ᠳᠠᠭᠠᠨ ᠭᠤᠭᠴᠤᠭ᠎ᠠ ᠭᠠᠷᠭᠠᠵᠤ ᠬᠠᠪᠴᠢᠭᠤᠯᠵᠤ ᠪᠦᠰᠡᠯᠡᠳᠡᠭ᠃ ᠳᠡᠭᠡᠭᠦᠷ ᠨᠢ | ᠢᠯᠭᠢ ᠪᠣᠶᠣ ᠬᠦᠷᠡᠩ᠂ ᠣᠯᠠᠭᠠᠨ ᠥᠩᠭᠡ ᠶᠢᠨ ᠲᠣᠷᠭ᠎ᠠ ᠴᠢᠰᠴᠠᠤ ᠶᠢᠨ ᠬᠠᠨᠵᠢᠶᠠᠷ ︵ᠭᠠᠯᠤᠤᠰᠤ︶ ᠲᠠᠪᠬᠤᠷᠯᠠᠵᠤ | ᠡᠮᠦᠰᠳᠡᠭ᠂ ᠬᠦᠪᠦᠩ ᠲᠠᠢ ᠥᠮᠦᠳᠦ ᠶᠢᠨ ᠭᠠᠳᠠᠭᠤᠷ ᠲᠤᠤᠱᠣᠣ ᠳᠠᠪᠬᠤᠷᠯᠠᠵᠤ ᠪᠠᠶᠢᠳᠠᠭ ᠶᠤᠮ᠂ ᠲᠤᠤᠱᠣᠣ ︵ | ᠲᠤᠤᠬᠤᠤ︶ ᠭᠡᠳᠡᠭ ᠪᠣᠯ ᠲᠠᠯ᠎ᠠ ᠰᠢᠷᠬᠤᠨᠠᠭ ᠠᠳᠠᠯᠢ ᠪᠠᠶᠢᠳᠠᠭ᠃ ᠬᠥᠯ ᠲᠡᠭᠡᠨ ᠢᠰᠡᠭᠡᠢ ᠪᠣᠶᠣ ᠰᠢᠷᠢ ᠶᠢᠨ ᠤᠯᠠ | ᠲᠠᠢ ᠪᠤᠯᠢᠭᠠᠷᠢ ᠭᠤᠲᠤᠯ ᠳᠤ ᠢᠰᠡᠬᠡᠢ ᠪᠣᠶᠣ ᠪᠥᠰ ᠣᠶᠢᠮᠤᠰᠤ ᠡᠮᠦᠰᠦᠨ᠎ᠡ᠃ ᠪᠠᠷᠠᠭᠤᠨ ᠲᠠᠯ᠎ᠠ ᠶᠢᠨ ᠲᠡᠰᠢᠶᠡᠨ | ᠳᠠᠭᠠᠨ ᠬᠤᠢ ᠲᠠᠢ ᠬᠢᠲᠤᠭ᠎ᠠ ᠰᠠᠭᠤᠷᠢᠵᠤ᠂ ᠵᠡᠭᠦᠨ ᠲᠠᠯ᠎ᠠ ᠶᠢᠨ ᠲᠠᠰᠢᠶᠠᠨ ᠳᠠᠭᠠᠨ ᠲᠤᠤᠬ᠎ᠠ ᠵᠡᠭᠦᠨ᠂ ᠮᠥᠩᠭᠦ ᠪᠣᠶᠣ | ᠰᠣᠷ ᠤᠨ ᠣᠭᠤᠰᠣᠷ ᠢᠶᠠᠷ ᠬᠡᠲᠡ ᠶᠢ ᠬᠤᠯᠪᠣᠵᠤ ᠪᠦᠰᠡ ᠶᠢᠨ ᠠᠷᠤ ᠭᠤᠭᠴᠤᠭ᠎ᠠ ᠶᠢᠨ ᠳᠣᠮᠳᠠ ᠬᠠᠪᠴᠢᠭᠤᠯᠤᠨ᠎ᠠ᠃ | ᠵᠡᠭᠦᠨ ᠭᠠᠷ ᠲᠠᠯ᠎ᠠ ᠶᠢᠨ ᠡᠮᠦᠨ᠎ᠡ ᠡᠩᠭᠡᠷ ᠤᠨ ᠴᠢᠭ ᠲᠤ ᠬᠤᠤ ᠶᠢᠨ ᠬᠡᠥᠳᠡᠢ ︵ᠬᠦᠭᠦᠷ ᠳ᠋ᠠᠯᠢᠩ︶ ᠶᠢ | ᠬᠠᠪᠴᠢᠭᠤᠯᠤᠨ᠎ᠠ᠃ ᠲᠠᠮᠠᠬᠢ ᠲᠠᠲᠠᠳᠠᠭ ᠬᠦᠮᠦᠨ ᠪᠣᠯ ᠲᠠᠮᠠᠬᠢᠨ ᠬᠡᠥᠲᠠᠢ ᠶᠢ ᠬᠤᠢ ᠲᠠᠢ ᠬᠢᠲᠤᠭ᠎ᠠ ᠶᠢᠨ ᠠᠷᠤ | ᠲᠠᠯ᠎ᠠ ᠳᠤ ᠬᠠᠪᠴᠢᠭᠤᠯᠤᠨ᠎ᠠ᠃ ᠲᠠᠮᠠᠬᠢᠨ ᠭᠠᠩᠰᠠ ︵ᠳ᠋ᠠᠢ︶ ᠪᠠᠨ ᠭᠤᠲᠤᠯ ᠤᠨ ᠲᠦᠷᠡᠢ ᠳᠡᠭᠡᠨ ᠬᠢᠳᠡᠭ᠃ ᠡᠬᠡᠨᠡᠷ | ᠪᠡᠷᠢᠶᠡᠳ ᠨᠢ ᠲᠤᠯᠤᠭᠠᠢ ᠳᠠᠭᠠᠨ ᠳᠠᠲᠠᠮᠠᠯ ᠣᠲᠠᠰᠤᠨ ᠳᠤᠭᠤᠢ ᠮᠠᠯᠠᠭᠠᠢ᠂ ᠰᠤᠪᠰᠤᠭ ᠤᠨ ᠳᠤᠭᠤᠢ ᠮᠠᠯᠠᠭᠠᠢ᠂ | ᠳᠠᠲᠠᠭᠤᠷ ᠰᠦᠢᠬᠡ ᠵᠡᠭᠦᠨ᠂ ᠭᠦᠷᠦᠮᠡᠯ ᠬᠤᠶᠠᠷ ᠭᠡᠵᠢᠭᠡ ᠶᠢᠨ ᠦᠵᠦᠭᠦᠷ ᠲᠤ ᠱᠢᠷᠦ ᠶᠢᠨ ᠰᠢᠬᠢᠳᠬᠡᠷᠢ | ᠰᠠᠭᠤᠯᠭᠠᠭᠰᠠᠨ ᠮᠦᠩᠭᠦᠨ ᠳᠡᠭᠡᠰᠦᠨ ᠬᠤᠯᠪᠣᠭᠠᠰᠤ ᠲᠠᠢ ᠬᠤᠶᠠᠷ ᠪᠠᠯ ᠵᠡᠭᠦᠨ᠂ ᠨᠤᠭᠤᠭᠠᠨ᠂ ᠬᠥᠷᠡᠩ᠂ ᠣᠯᠠᠭᠠᠨ | ᠥᠩᠭᠡ ᠶᠢᠨ ᠬᠦᠪᠦᠩ ᠲᠡᠷᠯᠢᠭ ᠤᠨ ᠳᠡᠭᠡᠭᠦᠷ ᠣᠣᠵᠢ ᠡᠮᠦᠰᠦᠨ᠂ ᠢᠰᠡᠭᠡᠢ ᠪᠣᠶᠣ ᠰᠢᠷᠢ ᠤᠯᠠ ᠲᠠᠢ ᠪᠣᠯᠢᠭᠠᠷᠠᠢ | ᠭᠤᠲᠤᠯ ᠢᠰᠡᠭᠡᠢ ᠪᠣᠶᠣ ᠪᠥᠰ ᠥᠢᠮᠣᠰᠣ ᠲᠠᠢ ᠡᠮᠦᠰᠳᠡᠭ᠃ ᠣᠣᠵᠢ ᠶᠢᠨ ᠵᠦᠪ ᠲᠠᠯ᠎ᠠ ᠶᠢᠨ ᠳᠠᠰᠢᠶᠠᠨ ᠤ | ᠡᠯᠬᠦᠬᠦᠷ ᠠᠴᠠ ᠪᠣᠯ ᠡᠯᠭᠦᠵᠦ ᠲᠡᠭᠦᠨ ᠠᠴᠠ ᠪᠠᠨ ᠬᠤᠤ ᠲᠠᠢ ᠬᠠᠪᠲᠠᠭ᠎ᠠ ᠪᠣᠯᠣᠨ ᠥᠩᠭᠡ ᠶᠢᠨ ᠲᠤᠷᠳᠤᠩ | ᠠᠯᠴᠢᠭᠤᠷ ᠨᠤᠭᠤᠳ ᠶᠠᠩᠵᠤᠯᠠᠨ ᠣᠶᠠᠳᠠᠭ ᠶᠤᠮ᠃ | ᠵᠣᠨ ᠤ ᠣᠯᠠᠷᠢᠯ ᠳᠤ ᠵᠣᠨ ᠤ ᠡᠬᠢᠨ ᠰᠠᠷ᠎ᠠ ᠳᠤ ᠵᠠ ᠲᠡᠷᠯᠢᠭ᠂ ᠵᠠ ᠥᠮᠦᠳᠦ᠂ ᠰᠠᠶᠢᠷᠠᠨ ᠭᠤᠲᠤᠯ᠂ ᠪᠦᠰᠡ | ᠭᠤᠲᠤᠯ᠂ ᠪᠦᠰᠡ ᠥᠢᠮᠥᠰᠥ ᠵᠡᠷᠭᠡ ᠶᠢ ᠡᠮᠦᠰᠳᠡᠭ᠃ ᠵᠣᠨ ᠤ ᠳᠣᠮᠳᠠ ᠰᠠᠷ᠎ᠠ ᠳᠠᠩ ᠲᠡᠷᠯᠢᠭ᠂ ᠴᠠᠮᠴᠠ | ᠡᠮᠦᠰᠦᠨ᠎ᠡ᠃ ᠵᠠ ᠲᠡᠷᠯᠢᠭ ᠭᠡᠳᠡᠭ ᠪᠣᠯ ᠭᠠᠳᠠᠷ ᠳᠣᠲᠣᠷ ᠢ ᠳᠠᠪᠬᠤᠷᠯᠠᠨ ᠣᠶᠣᠭᠰᠠᠨ ᠢ ᠬᠡᠯᠡᠨ᠎ᠡ᠃ ᠳᠠᠩ ᠲᠡᠷᠯᠢᠭ | ᠭᠡᠳᠡᠭ ᠨᠢ ᠳᠠᠩ ᠶᠠᠭᠤᠮ᠎ᠠ ᠪᠠᠷ ᠬᠢᠭᠰᠡᠨ ᠲᠤᠭᠤᠷᠠᠢ ᠨᠢᠳᠣᠷᠭ᠎ᠠ ᠲᠠᠢ ᠣᠶᠣᠭᠰᠠᠨ ᠢ ᠬᠡᠯᠡᠳᠡᠭ᠃ ᠴᠠᠮᠴᠠ ᠭᠡᠳᠡᠭ | ᠨᠢ ᠳᠠᠩ ᠲᠡᠷᠯᠢᠭ ᠲᠠᠢ ᠠᠳᠠᠯᠢᠪᠲᠤᠷ ᠪᠣᠯᠪᠠᠴᠤ ᠳᠠᠩ ᠲᠡᠷᠯᠢᠭ ᠠᠴᠠ ᠪᠠᠨ ᠪᠠᠭ᠎ᠠ ᠴᠢᠬᠤᠯᠠ ᠪᠠᠶᠢᠳᠠᠭ᠃ ᠡᠳᠡᠭᠡᠷ ᠢ | ᠡᠰᠬᠡᠬᠦ ᠠᠷᠭ᠎ᠠ ᠨᠢ ᠳᠡᠭᠡᠷ᠎ᠡ ᠳᠡᠭᠡᠷ᠎ᠡ ᠬᠡᠯᠡᠭᠰᠡᠨ ᠲᠠᠢ ᠠᠳᠠᠯᠢ ᠪᠠᠶᠢᠳᠠᠭ ᠪᠠ ᠬᠥᠪᠡᠭᠡ ᠪᠠᠷᠢᠬᠤ ᠨᠢ ᠴᠤ ᠠᠳᠠᠯᠢ | ᠪᠠᠶᠢᠳᠠᠭ ᠶᠤᠮ᠃ ᠳᠠᠩ ᠲᠡᠷᠯᠢᠭ ᠪᠣᠯᠣᠨ ᠴᠠᠮᠴᠠ ᠬᠤᠶᠠᠷ ᠲᠤ ᠵᠠᠭᠠᠮ᠎ᠠ ᠪᠣᠯᠣᠨ ᠮᠥᠷᠥ ᠶᠢᠨ ᠬᠡᠰᠡᠭ ᠲᠤ | ᠮᠦᠷᠦᠪᠴᠢ ︵ᠲᠦᠯᠵᠢᠩ︶ ᠢ ᠵᠣᠳᠣᠩ ᠤᠨ ᠲᠤᠯᠤᠭᠠᠢ ᠪᠣᠶᠣ ᠲᠤᠭᠤᠷᠢᠭ᠂ ᠠᠮᠠ ᠲᠦᠷᠪᠡᠯᠵᠢᠨ ᠬᠡᠯᠪᠡᠷᠢ ᠶᠠᠩᠵᠤ | ᠲᠠᠢ ᠪᠥᠰ ᠪᠠᠷᠠᠭ᠎ᠠ ᠳᠠᠪᠬᠤᠷᠯᠠᠵᠤ ᠣᠶᠣᠳᠠᠭ᠃ ᠳᠥᠷᠪᠡᠯᠵᠢᠨ ᠬᠡᠯᠪᠡᠷᠢ ᠲᠠᠢ ᠮᠦᠷᠦᠪᠴᠢ ︵ᠲᠦᠯᠵᠢᠩ︶ | ᠬᠢᠬᠦ ᠳᠡᠭᠡᠨ ᠬᠤᠶᠠᠷ ᠮᠥᠷᠥ᠂ ᠡᠮᠦᠨ᠎ᠡ ᠠᠷᠤ ᠭᠤᠣᠯ ᠳᠤ ᠥᠨᠴᠦᠭ ᠢ ᠨᠢ ᠲᠠᠭᠠᠷᠠᠭᠤᠯᠵᠤ ᠣᠶᠣᠳᠠᠭ᠃ ᠵᠠ | ᠲᠡᠷᠯᠢᠭ ᠢ ᠮᠦᠨ ᠬᠦᠪᠦᠩ ᠲᠡᠷᠯᠢᠭ ᠠᠳᠠᠯᠢ ᠬᠠᠪᠣᠨᠠ᠂ ᠬᠠᠪᠣᠭᠠᠰᠣ ᠬᠠᠪᠣᠬᠤ ᠳᠠᠭᠠᠨ ᠡᠮᠦᠨ᠎ᠡ ᠠᠷᠤ ᠲᠠᠯ᠎ᠠ ᠳᠤ | ᠭᠤᠷᠪᠠ ᠭᠤᠷᠪᠠᠨ ᠬᠠᠪᠤᠭᠠᠰᠤ ᠶᠢ ᠬᠤᠯᠠ ᠬᠤᠯᠠ ᠬᠡᠶᠢᠯᠡᠵᠦ ᠬᠠᠪᠤᠳᠠᠭ᠃ ᠵᠠ ᠲᠡᠷᠯᠢᠭ ᠢ ᠣᠯᠠᠩᠬᠢ ᠶᠢ ᠨᠢ ᠵᠠᠶᠢᠴᠠ | ᠭᠠᠷᠭᠠᠵᠤ ᠣᠶᠤᠳᠠᠭ᠃ ᠵᠠᠶᠢᠴᠠ ᠶᠢᠨ ᠳᠡᠭᠡᠷ᠎ᠡ ᠲᠠᠯ᠎ᠠ ᠳᠤ ᠥᠩᠭᠡ ᠶᠢᠨ ᠣᠲᠠᠰᠣ ᠪᠠᠷ ᠥᠩᠭᠡ ᠢᠯᠭᠠᠷᠠᠭᠤᠯᠤᠨ | ᠥᠯᠵᠡᠢ ᠣᠲᠠᠰᠣ᠂ ᠬᠠᠰ᠂ ᠵᠣᠳᠣᠩ ᠤᠨ ᠲᠤᠯᠤᠭᠠᠢ ᠵᠡᠷᠭᠡ ᠶᠢ ᠣᠷᠠᠯᠠᠵᠤ ᠣᠶᠣᠳᠠᠭ ᠶᠤᠮ᠃ ᠳᠠᠩ ᠲᠡᠷᠯᠢᠭ᠂ | ᠴᠠᠮᠴᠠ ᠶᠢᠨ ᠡᠩᠭᠡᠷ ᠬᠤᠷᠮᠥᠢ ᠶᠢ ᠣᠯᠠᠩᠬᠢ ᠨᠢ ᠡᠮᠵᠢᠬᠦ ᠦᠭᠡᠢ ᠬᠦᠪᠡᠭᠡ ᠪᠠᠷᠢᠵᠤ ᠳᠣᠲᠤᠭᠰᠢ ᠨᠣᠭᠤᠯᠵᠤ | ᠢᠯᠡᠥᠷᠳᠡᠳᠡᠭ ᠶᠤᠮ᠃ ᠭᠡᠪᠡᠴᠦ ᠳᠠᠩ ᠲᠡᠷᠯᠢᠭ ᠤᠨ ᠡᠩᠭᠡᠷ ᠵᠠᠭᠠᠮ᠎ᠠ ᠬᠤᠭᠤᠯᠠᠪᠴᠢ ᠶᠢ ᠡᠮᠵᠢᠳᠡᠭ ᠪᠠᠰᠠ ᠪᠠᠶᠢᠳᠠᠭ᠃ | ᠴᠠᠮᠴᠠᠨ ᠤ ᠡᠩᠭᠡᠷ ᠲᠤ ᠭᠤᠷᠪᠠᠨ ᠮᠥᠷ ᠣᠲᠠᠰᠣ ᠬᠠᠪᠴᠢᠭᠤᠯᠵᠤ ᠬᠦᠷᠪᠡᠶᠢᠯᠭᠡᠵᠤ ᠭᠠᠷᠭᠠᠭᠰᠠᠨ ᠴᠤ ᠪᠠᠶᠢᠳᠠᠭ | ᠶᠤᠮ᠃ ᠲᠡᠷᠯᠢᠭ ᠴᠠᠮᠴᠠ ᠪᠠᠨ ᠰᠠᠭᠤᠯᠠᠬᠤ ᠳᠠᠭᠠᠨ ᠠᠷᠤ ᠲᠠᠯ᠎ᠠ ᠶᠢ ᠡᠮᠦᠨ᠎ᠡ ᠲᠠᠯ᠎ᠠ ᠠᠴᠠ ᠪᠠᠨ ᠨᠢᠭᠡ | ᠴᠦᠢᠳᠧᠩ ᠤᠨ ᠮᠣᠳᠣ ᠶᠢᠨ ᠬᠢᠷᠢᠲᠠᠢ ᠢᠯᠡᠭᠦᠦ ᠲᠠᠯᠪᠢᠵᠤ ᠣᠶᠣᠳᠠᠭ᠃ ᠲᠡᠷᠯᠢᠭ ᠴᠠᠮᠴᠠ ᠶᠢᠨ ᠰᠤᠭᠤ ᠶᠢ | ᠰᠣᠭᠤᠯᠠᠬᠤ ᠳᠠᠭᠠᠨ ᠣᠶᠣᠳᠠᠯ ᠤᠨ ᠭᠠᠳᠠᠷ ᠬᠥᠪᠡᠭᠡ ᠠᠴᠠ ᠭᠤᠷᠪᠠ ᠳᠦᠷᠪᠡᠨ ᠴᠦᠢᠳᠧᠩ ᠤᠨ ᠮᠣᠳᠣ ᠶᠢᠨ ᠲᠥᠯᠥᠪ | ᠵᠠᠢ ᠦᠯᠡᠳᠡᠭᠡᠵᠤ ᠬᠠᠨᠴᠤᠢ ᠶᠢᠨ ᠦᠵᠦᠭᠦᠷ ᠠᠴᠠ ᠬᠤᠷᠮᠥᠢ ᠬᠦᠷᠲᠡᠯ᠎ᠡ ᠬᠥᠰᠢᠵᠦ ᠣᠶᠣᠨ᠎ᠠ᠃ ᠳᠠᠷᠠᠭ᠎ᠠ ᠨᠢ ᠠᠷᠤ | ᠲᠠᠯ᠎ᠠ ᠶᠢᠨ ᠢᠯᠡᠭᠦᠦ ᠭᠠᠷᠭᠠᠭᠰᠠᠨ ᠬᠡᠰᠡᠭ ᠢᠶᠠᠷ ᠡᠩᠭᠡᠷ ᠲᠠᠯ᠎ᠠ ᠵᠦᠭ ᠬᠠᠨᠳᠣᠭᠤᠯᠵᠤ ᠳᠠᠷᠣᠵᠤ ᠨᠥᠬᠦᠨ᠎ᠡ᠃ | ᠴᠠᠮᠴᠠ ᠶᠢᠨ ᠬᠠᠨᠴᠣᠢ ᠶᠢᠨ ᠦᠵᠦᠭᠦᠷ ᠲᠤ ᠭᠤᠷᠪᠠ ᠲᠦᠷᠪᠡᠨ ᠬᠤᠷᠤᠭᠤ ᠥᠷᠭᠡᠨ ᠬᠤᠶᠠᠷ ᠳᠠᠪᠬᠤᠷ ᠪᠥᠰ ᠳᠡᠭᠡᠷ᠎ᠡ | ᠴᠠᠢ ᠬᠦᠷᠢᠶ᠎ᠡ ᠪᠣᠶᠣ ᠬᠠᠰ᠂ ᠥᠯᠵᠡᠢ ᠣᠲᠠᠰᠣ᠂ ᠣᠭᠠᠯᠵᠠ ᠵᠡᠷᠭᠡ ᠶᠢ ᠬᠠᠳᠬᠤᠮᠠᠯ ᠬᠠᠳᠬᠤᠵᠤ ᠬᠠᠨᠴᠥᠢ ᠶᠢᠨ | ᠦᠵᠦᠭᠦᠷ ᠲᠤ ᠵᠠᠯᠭᠠᠳᠠᠭ ᠢ ︽ᠬᠠᠭᠤᠷᠠᠮᠴᠢ︾ ᠭᠡᠳᠡᠭ᠃ ᠵᠠᠷᠢᠮ ᠭᠠᠵᠠᠷ ᠡᠭᠦᠨ ᠢ ︽ᠡᠷᠭᠢᠨᠢᠭ︾ ᠭᠡᠬᠦ ᠪᠣᠶᠣ | ᠬᠠᠨᠴᠤᠢ ᠶᠢᠨ ᠦᠵᠦᠭᠦᠷ ᠭᠡᠳᠡᠭ᠃ ᠴᠠᠮᠴᠠ ᠶᠢᠨ ᠬᠠᠨᠴᠥᠢ ᠶᠢᠨ ᠦᠵᠦᠭᠦᠷ ᠲᠤ ᠡᠭᠦᠨ ᠢ ᠪᠠᠨ ᠵᠠᠯᠭᠠᠵᠤ ᠱᠠᠭᠯᠠᠵᠤ | ᠣᠶᠣᠨ᠎ᠠ᠃ | ᠨᠠᠮᠤᠷ ᠤᠨ ᠣᠯᠠᠷᠢᠯ ᠳᠤ ᠨᠠᠮᠤᠷ ᠤᠨ ᠡᠬᠢᠨ ᠤ ᠰᠠᠷ᠎ᠠ ᠳᠤ ᠵᠠ ᠲᠡᠷᠯᠢᠭ᠂ ᠨᠢᠮᠬᠡᠨ ᠬᠥᠪᠤᠩ ᠲᠠᠢ ᠲᠡᠷᠯᠢᠭ᠂ ᠵᠠ | ᠥᠮᠦᠳᠦ᠂ ᠬᠥᠪᠦᠩ ᠥᠮᠦᠳᠦ᠂ ᠪᠥᠰ ᠭᠤᠲᠤᠯ᠂ ᠰᠠᠶᠢᠷᠠᠨ ᠭᠤᠲᠤᠯ᠂ ᠪᠦᠰᠡ ᠪᠣᠶᠣ ᠢᠰᠡᠬᠡᠢ ᠥᠢᠮᠥᠰᠥ ᠲᠠᠢ | ᠡᠮᠦᠰᠳᠡᠭ᠃ ᠨᠠᠮᠣᠷ ᠤᠨ ᠳᠣᠮᠳᠠ ᠰᠠᠷ᠎ᠠ ᠳᠤ ᠬᠥᠪᠦᠩ ᠲᠠᠢ ᠲᠡᠷᠯᠢᠭ᠂ ᠢᠯᠬᠢᠨ ᠳᠡᠪᠡᠯ ᠡᠮᠦᠰᠦᠨ᠎ᠡ᠃ | ᠡᠪᠦᠯ ᠤᠨ ᠣᠯᠠᠷᠢᠯ ᠳᠤ ᠡᠪᠦᠯ ᠤᠨ ᠡᠬᠢᠨ ᠰᠠᠷ᠎ᠠ ᠳᠤ ᠬᠤᠷᠠᠭᠠᠨ ᠵᠣᠪᠴᠠᠭ᠎ᠠ᠂ ᠦᠵᠦᠭᠦᠷᠰᠦᠨ ᠳᠡᠪᠡᠯ᠂ | ᠦᠵᠦᠭᠦᠷᠰᠦᠨ ᠵᠣᠪᠴᠠᠭ᠎ᠠ᠂ ᠦᠵᠦᠭᠦᠷᠰᠦᠨ ᠠᠷᠠᠰᠤᠨ ᠥᠮᠦᠳᠦ᠂ ᠪᠤᠯᠢᠭᠠᠷᠢ ᠭᠤᠲᠤᠯ ᠢᠰᠡᠬᠡᠢ ᠥᠢᠮᠥᠰᠥ ᠲᠠᠢ | ᠡᠮᠦᠰᠳᠡᠭ᠃ ᠡᠪᠣᠯ ᠤᠨ ᠳᠣᠮᠳᠠ ᠰᠠᠷ᠎ᠠ ᠠᠴᠠ ᠪᠦᠳᠦᠭᠦᠨ ︵ᠡᠪᠦᠯ ᠤᠨ ᠢᠳᠡᠰᠢᠨ ᠤ︶ ᠠᠷᠠᠰᠤᠨ ᠤ ᠥᠩᠭᠡ ᠳᠡᠪᠡᠯ | ᠪᠠ ᠵᠣᠪᠴᠠᠭ᠎ᠠ᠂ ᠪᠦᠳᠦᠭᠦᠨ ᠨᠡᠬᠡᠢ ᠥᠮᠥᠳᠦ᠂ ᠢᠰᠡᠭᠡᠢ ᠥᠢᠮᠥᠰᠥ ᠲᠠᠢ ᠪᠤᠯᠢᠭᠠᠷᠢ ᠭᠤᠲᠤᠯ ᠡᠮᠦᠰᠳᠡᠭ᠃ | ᠡᠪᠣᠯ ᠤᠨ ᠬᠦᠢᠲᠡᠨ ᠤ ᠭᠤᠣᠯ ᠳᠤ ᠢᠮᠠᠭᠠᠨ ᠠᠷᠠᠰᠤᠨ ᠳᠠᠬᠤ ᠪᠠ ᠢᠮᠠᠭᠠᠨ ᠠᠷᠠᠰᠤᠨ ᠪᠣᠶᠢᠪᠣᠭ ᠳᠠᠪᠬᠤᠷᠯᠠᠵᠤ | ᠡᠮᠦᠰᠳᠡᠭ ᠶᠤᠮ᠃ |