365bet知乎_365bet官方体育投注_365bet娱乐场平台珠穆沁旗蒙古文政务门户网站 365bet知乎_365bet官方体育投注_365bet娱乐场平台

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠣᠯᠠᠭᠠᠨ ᠬᠠᠭᠠᠯᠭ᠎ᠠ ᠰᠦᠮ᠎ᠡ
        ᠨᠡᠶᠢᠲᠡᠯᠡᠭᠰᠡᠨ ᠴᠠᠭ᠄
        2022/11/17
                               ᠣᠯᠠᠭᠠᠨ ᠬᠠᠭᠠᠯᠭ᠎ᠠ ᠰᠦᠮ᠎ᠡ   ① ᠬᠤᠰᠢᠭᠤᠨ ᠤ ᠵᠢᠷᠭᠤᠭᠠᠨ ᠬᠡᠶᠢᠳ ᠤᠨ ᠨᠢᠭᠡ ᠪᠦᠭᠡᠳ ᠰᠦᠮ᠎ᠡ ᠶᠢᠨ ᠬᠡᠪᠴᠢᠶ᠎ᠡ ᠪᠠᠷᠢᠯᠭ᠎ᠠ ᠶᠢᠨ ᠴᠢᠨᠠᠷᠵᠢᠯ᠂ ᠬᠤᠸᠠᠷᠬᠭ ᠯᠠᠮ᠎ᠠ ᠶᠢᠨ ᠳᠤᠭ᠎ᠠ ᠪᠠᠷ ᠪᠤᠰᠤᠳ ᠰᠦᠮ᠎ᠡ ᠠᠴᠠ ᠪᠠᠨ ᠣᠷᠣᠶᠢᠯᠠᠨ᠎ᠠ᠃ ᠴᠢᠯᠦᠭᠡᠯᠡᠭᠳᠡᠬᠦ ᠶᠢᠨ ᠡᠬᠢᠨ ᠤ ᠦᠶ᠎ᠡ ᠳᠤ ᠵᠡᠭᠦᠨ ᠬᠤᠯᠪᠣᠭᠠᠳᠤ ᠬᠤᠰᠢᠭᠤᠨ ᠤ ᠵᠠᠰᠠᠭ ᠤᠨ ᠣᠷᠳᠣᠨ ᠪᠠᠶᠢᠭᠰᠠᠨ ᠬᠤᠪᠢᠰᠬᠠᠯ ᠤᠨ ᠰᠠᠭᠤᠷᠢᠨ ᠭᠠᠵᠠᠷ ᠪᠦᠭᠡᠳ 1948 ᠣᠨ ᠳᠤ ᠬᠤᠪᠢᠰᠬᠠᠯ ᠤᠨ ᠡᠰᠡᠷᠭᠦ ᠬᠤᠲᠤᠷᠠᠩᠭ᠎ᠠ ᠶᠢᠨ ᠪᠦᠯᠦᠭ ᠲᠠᠢ ᠪᠠᠶᠢᠯᠳᠥᠭ᠌ᠰᠠᠨ ︽ᠣᠯᠠᠭᠠᠨ ᠬᠠᠭᠠᠯᠭ᠎ᠠ ᠶᠢᠨ ᠲᠤᠯᠤᠯᠳᠥᠭᠠᠨ︾ ᠠᠳᠡ ᠡᠭᠦᠰᠦᠭᠰᠡᠨ ᠲᠡᠤᠬᠡᠲᠤ ᠭᠠᠵᠠᠷ ᠪᠣᠯᠣᠨ᠎ᠠ᠃ ᠰᠣᠶᠣᠯ ᠤᠨ ᠬᠤᠪᠢᠰᠬᠠᠯ ᠤᠨ ᠳᠣᠮᠳᠠ ᠰᠣᠶᠢᠳᠤᠨ ᠲᠠᠮᠲᠠᠷᠠᠵᠤ᠂ ᠣᠳᠣ ᠳᠤᠰ ᠨᠤᠲᠤᠭ ᠤᠨ ᠮᠠᠯᠴᠢᠨ ᠠᠷᠠᠳ ᠢᠶᠠᠷ ᠭᠤᠣᠯᠯᠠᠭᠰᠠᠨ ᠂ ᠰᠦᠰᠦᠭ ᠪᠢᠰᠢᠷᠡᠯᠲᠡᠨ ᠨᠠᠷ ᠳᠠᠬᠢᠨ ᠰᠡᠷᠭᠦᠭᠡᠨ ᠪᠠᠶᠢᠭᠤᠯᠵᠤ ᠰᠢᠲᠤᠵᠤ ᠪᠠᠶᠢᠭ᠎ᠠ ᠭᠠᠵᠠᠷ ᠶᠤᠮ᠃② ᠡᠷᠲᠡ ᠤᠷᠢᠲᠤ ᠶᠢᠨ ᠴᠠᠭ ᠲᠤ ᠨᠢᠭᠡᠨ ᠪᠠᠳᠢᠷᠴᠢᠨ ᠯᠠᠮ᠎ᠠ ᠡᠨᠡ ᠭᠠᠵᠠᠷ ᠲᠤ ᠢᠷᠡᠬᠦ ᠳᠤ ᠲᠠᠩᠽᠠᠨ ᠭᠡᠳᠡᠭ ᠮᠠᠶᠢᠷᠠᠨ ᠤ ᠳᠡᠭᠡᠳᠤᠰ ᠤᠨ ᠰᠠᠭᠤᠵᠤ ᠪᠠᠶᠢᠭᠰᠠᠨ ᠭᠠᠵᠠᠷ ᠭᠡᠨ᠎ᠡ᠃ ᠣᠳᠣᠬᠢ ᠰᠦᠮ᠎ᠡ ᠶᠢᠨ ᠡᠮᠦᠨ᠎ᠡ ᠨᠢ ᠲᠡᠲᠡᠨ ᠤ ᠬᠡᠷᠡᠭᠯᠡᠵᠦ ᠪᠠᠶᠢᠭᠰᠠᠨ ᠬᠤᠳᠳᠤᠭ ᠲᠤ ᠨᠢ ᠬᠦᠮᠤᠨ ᠣᠶᠢᠴᠢᠵᠤ ᠠᠳᠡᠭᠰᠡᠨ ᠠᠴᠠ ᠪᠣᠯᠵᠤ ᠳᠠᠷᠤᠵᠤ ᠬᠠᠶᠠᠭᠰᠠᠨ ᠭᠡᠨ᠎ᠡ᠃ ᠪᠠᠳᠢᠷᠴᠢᠨ ᠯᠠᠮ᠎ᠠ ᠲᠠᠩᠽᠠᠨ ᠮᠠᠶᠢᠷᠠᠨ ᠤ ᠳᠡᠭᠡᠳᠤᠰ ᠠᠴᠠ ᠰᠦᠮ᠎ᠡ ᠪᠠᠷᠢᠬᠤ ᠭᠠᠵᠠᠷ ᠭᠤᠶᠤᠴᠢᠯᠠᠭᠰᠠᠨ ᠳᠤ ᠲᠡᠷᠡ ᠣᠭᠲᠣ ᠲᠦᠪᠡᠭᠰᠢᠶᠡᠷᠡᠯ ᠦᠭᠡᠢ ᠪᠠᠷ ᠵᠦᠪᠰᠢᠶᠡᠷᠡᠵᠤ ᠭᠡᠨ᠎ᠡ᠃ ᠮᠦᠨ ᠴᠦ ᠡᠨᠡ ᠪᠠᠳᠢᠷᠴᠢᠨ ᠯᠠᠮ᠎ᠠ ᠶᠢᠨ ᠣᠯᠠᠨ ᠠᠷᠪᠢᠨ ᠵᠢᠵᠢᠭ ᠴᠢᠯᠠᠭᠤ ᠴᠤᠭᠯᠠᠭᠤᠯᠵᠤ ᠲᠠᠯᠪᠢᠭᠰᠠᠨ ᠢ ᠦᠵᠡᠭᠡᠳ᠄ ︽ᠰᠦᠮ᠎ᠡ ᠶᠢᠨ ᠱᠠᠪᠢ ᠴᠢᠨᠢ ᠡᠳᠡᠭᠡᠷ ᠴᠢᠯᠠᠭᠤ ᠰᠢᠭ᠋ ᠠᠷᠪᠢᠨ ᠪᠣᠯᠤᠭ︕︾ ᠭᠡᠵᠤ ᠪᠡᠯᠭᠡᠳᠤᠭ᠍ᠰᠡᠨ ᠭᠡᠨ᠎ᠡ᠃ ᠴᠢᠩᠬᠢᠭᠡᠳ ᠵᠢᠵᠢᠭ ᠴᠢᠯᠠᠭᠤ ᠶᠢ ᠨᠢ ᠳᠣᠭᠠᠯᠠᠵᠤ ᠦᠵᠡᠬᠦ ᠳᠤ ᠮᠢᠩᠭ᠎ᠠ ᠬᠦᠷᠦᠭᠰᠡᠨ ᠪᠦᠭᠡᠳ ᠬᠤᠵᠢᠮ ᠨᠢ ᠣᠯᠠᠭᠠᠨ ᠬᠠᠭᠠᠯᠭ᠎ᠠ ᠰᠦᠮ᠎ᠡ ᠶᠢᠨ ᠯᠠᠮ᠎ᠠ ᠶᠢᠨ ᠲᠤᠭ᠎ᠠ ᠮᠢᠩᠭ᠎ᠠ ᠬᠦᠷᠦᠯ᠎ᠡ ᠭᠡᠬᠦ ᠶᠤᠮ᠃③ ᠣᠯᠠᠭᠠᠨ ᠬᠠᠭᠠᠯᠭ᠎ᠠ ᠰᠦᠮ᠎ᠡ ᠶᠢᠨ ᠬᠤᠶᠢᠲᠦ ᠳᠡᠭᠡᠷ᠎ᠡ ᠨᠢᠭᠡᠨ ᠭᠦᠨ ᠴᠦᠩᠭᠦᠷᠢᠭ ᠪᠠᠶᠢᠬᠤ ᠪᠦᠭᠡᠳ ᠣᠯᠠᠭᠠᠨ ᠪᠣᠷᠭᠠᠰᠦ ᠳᠦᠭᠦᠷᠲᠡᠯ᠎ᠡ ᠤᠷᠭᠤᠵᠤ᠂ ᠠᠯᠤᠰ ᠠᠴᠠ ᠬᠠᠷᠠᠬᠤ ᠳᠤ ᠬᠠᠭᠠᠯᠭ᠎ᠠ ᠠᠳᠠᠯᠢ ᠬᠠᠷᠠᠭᠳᠠᠬᠤ ᠪᠣᠯᠬᠤᠷ ︽ᠤᠯᠠᠭᠠᠨ ᠬᠠᠭᠠᠯᠭ᠎ᠠ︾ ᠭᠡᠬᠦ ᠨᠡᠷ᠎ᠡ ᠪᠣᠢ ᠪᠣᠯᠵᠤ ᠭᠡᠨ᠎ᠡ᠃④ ᠣᠯᠠᠭᠠᠨ ᠬᠠᠭᠠᠯᠭ᠎ᠠ ᠰᠦᠮ᠎ᠡ ᠶᠢᠨ ᠳᠦᠷᠪᠡᠨ ᠲᠠᠯ᠎ᠠ ᠳᠤ ᠨᠢ ᠪᠦᠷ ᠰᠣᠪᠤᠷᠭ᠎ᠠ ᠲᠠᠢ ᠪᠠᠶᠢᠪᠠ᠃ ᠪᠠᠷᠠᠭᠤᠨ ᠬᠤᠶᠢᠲᠦ ᠰᠣᠪᠤᠷᠭ᠎ᠠ ᠨᠢ ᠭᠠᠯ ᠢ ᠰᠡᠷᠭᠡᠶᠢᠯᠡᠵᠤ᠂ ᠪᠠᠷᠠᠭᠤᠨ ᠡᠮᠤᠨᠡᠬᠢ ᠰᠣᠪᠤᠷᠭ᠎ᠠ ᠨᠢ ᠤᠰᠤ ᠶᠢ ᠬᠤᠷᠢᠵᠤ᠂ ᠵᠡᠭᠦᠨ ᠡᠮᠤᠨᠡᠬᠢ ᠰᠤᠪᠤᠷᠭ᠎ᠠ ᠨᠢ ᠡᠪᠡᠳᠴᠢᠨ ᠬᠢᠵᠢᠭ ︵ᠭᠠᠯᠵᠠᠭᠤ︶  ᠢ ᠰᠡᠷᠭᠡᠶᠢᠯᠡᠵᠤ᠂ ︵ᠳᠦᠷᠪᠡᠨ ᠲᠠᠯ᠎ᠠ ᠨᠢ ᠭᠦᠨᠳᠡᠢ ᠲᠤᠯᠭᠠᠭᠤᠷᠢᠯᠠᠨ ᠪᠠᠷᠢᠭᠰᠠᠨ ᠰᠣᠪᠤᠷᠭ᠎ᠠ ᠪᠦᠭᠡᠳ ᠮᠣᠷᠢ ᠲᠠᠢ ᠬᠦᠮᠤᠨ᠂ ᠲᠡᠷᠭᠡ ᠤᠨᠤᠭ᠎ᠠ ᠲᠤᠤᠭᠤᠷ ᠨᠢ ᠤᠷᠦᠵᠤ ᠭᠠᠷᠴᠦ ᠪᠣᠯᠳᠠᠭ︶ ᠵᠡᠭᠦᠨ ᠬᠤᠶᠢᠨᠡᠬᠢ ᠰᠣᠪᠤᠷᠭ᠎ᠠ ᠨᠢ ᠴᠢᠳᠬᠦᠷ ᠤᠨ ᠳᠠᠷᠤᠯᠭ᠎ᠠ ᠭᠡᠳᠡᠭ᠃ ᠡᠳᠡᠭᠡᠷ ᠰᠣᠪᠤᠷᠭ᠎ᠠ ᠨᠢ ᠪᠣᠰᠤᠳ ᠰᠦᠮ᠎ᠡ ᠶᠢᠨ ᠰᠣᠪᠤᠷᠭ᠎ᠠ ᠤᠳ ᠢ ᠪᠣᠳᠣᠪᠠᠯ ᠪᠦᠳᠤᠭᠦᠨ ᠪᠦᠭᠡᠳ ᠲᠤᠩ ᠰᠦᠷᠯᠢᠭ ᠰᠠᠶᠢᠬᠠᠨ ᠶᠤᠮ᠃
         
        ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ‍ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号