ᠡᠨᠡ ᠰᠢᠪᠠᠵᠢ ᠠᠴᠠ ᠬᠢᠴᠢᠶᠡᠭᠡᠷᠡᠢ | | ᠵᠣᠨ ᠤ ᠤᠯᠠᠷᠢᠯ ᠳᠤ ᠡᠯ᠎ᠡ ᠵᠦᠢᠯ ᠤᠨ ᠰᠢᠮᠠᠭᠤᠯ ᠪᠠᠲᠠᠭᠠᠨ᠎ᠠ ᠠᠷᠪᠢᠵᠢᠬᠤ ᠪᠣᠯᠣᠨ᠎ᠠ᠃ ᠡᠭᠦᠨ ᠳᠤ᠂ ᠡᠶᠢᠮᠦ | ᠨᠢᠭᠡᠨ ᠵᠢᠵᠢᠭ ᠰᠢᠪᠠᠵᠢ ᠪᠠᠶᠢᠳᠠᠭ᠂ ᠲᠡᠷᠡ ᠨᠢ ᠦᠷᠭᠦᠯᠵᠢ ᠡᠪᠡᠰᠦᠲᠦ ᠣᠶ ᠢᠭᠴᠤ ᠰᠠᠬᠤᠯᠢᠭ ᠭᠠᠵᠠᠷ ᠢᠯᠡᠷᠡᠳᠡᠭ᠂ | ᠬᠡᠳᠦᠶᠢᠪᠡᠷ ᠪᠡᠶ᠎ᠡ ᠨᠢ ᠮᠠᠰᠢ ᠪᠠᠭ᠎ᠠ ᠪᠣᠯᠪᠠᠴᠤ᠂ ᠬᠠᠷᠢᠨ ︽ᠠᠮᠢ ᠪᠤᠯᠢᠶᠠᠬᠤ ᠴᠢᠰᠤ ᠰᠣᠷᠣᠭᠴᠢ ᠬᠤᠷᠣᠬᠠᠢ︾ ᠪᠠᠶᠢᠵᠤ᠂ | ᠬᠥᠮᠥᠨ ᠤ ᠪᠡᠶ᠎ᠡ ᠳᠤ ᠰᠢᠭᠢᠳᠦᠨ ᠣᠷᠣᠵᠤ ᠴᠢᠰᠤ ᠰᠣᠷᠣᠳᠠᠭ᠃ ᠡᠨᠡ ᠪᠣᠯ ᠳᠠᠷᠤᠢ ᠱᠠᠯᠵᠠ ᠬᠤᠷᠣᠬᠠᠢ ᠪᠣᠯᠣᠨ᠎ᠠ᠂ | ᠪᠠᠰᠠ ᠭᠠᠴᠠᠭ ᠭᠡᠳᠡᠭ᠂ ᠲᠣᠮᠣ ᠪᠣᠯᠣᠭᠰᠠᠭᠠᠷ ᠬᠤᠪᠢᠯᠵᠠ ᠪᠣᠯᠣᠨ᠎ᠠ᠃ ᠦᠷᠭᠦᠯᠵᠢ ᠠᠭᠤᠯᠠ ᠳᠣᠪᠣᠴᠠᠭ᠂ ᠣᠶ ᠰᠢᠭᠤᠢ᠂ | ᠡᠪᠡᠰᠦ ᠪᠤᠲᠠ᠂ ᠦᠬᠡᠷ ᠬᠤᠨᠢᠨ ᠤ ᠠᠷᠠᠰᠤ ᠨᠣᠣᠰᠣᠨ ᠤ ᠬᠤᠭᠤᠷᠣᠨᠳᠤ ᠨᠢᠭᠤᠭᠳᠠᠵᠤ ᠪᠠᠶᠢᠳᠠᠭ᠃ ᠲᠡᠭᠦᠨ ᠤ | ᠥᠰᠦᠯᠲᠡ ᠪᠤᠶᠢᠵᠢᠯᠳᠠ ᠶᠢᠨ ᠱᠠᠲᠤ ᠦᠶ᠎ᠡ ᠪᠦᠷᠢ ᠨᠢ ᠡᠷᠬᠡᠪᠰᠢ ᠴᠢᠰᠤ ᠰᠣᠷᠣᠵᠤ ᠠᠮᠢᠳᠤᠷᠠᠬᠤ ᠴᠢᠬᠤᠯᠠᠲᠠᠢ᠃ | ᠱᠠᠯᠵᠠ ᠳᠤ ᠬᠠᠵᠠᠭᠳᠠᠬᠤ ᠶᠢᠨ ᠬᠤᠣᠷ ᠬᠥᠨᠥᠭᠡᠯ ᠨᠢ ᠴᠢᠰᠤ ᠰᠣᠷᠣᠬᠤ ᠲᠡᠳᠦᠢ ᠲᠠᠶᠢᠮᠤ ᠳᠥᠭᠦᠮᠬᠡᠨ ᠶᠠᠪᠤᠳᠠᠯ ᠪᠢᠰᠢ᠂ | ᠬᠠᠷᠢᠨ ᠲᠡᠭᠦᠨ ᠤ ᠴᠢᠰᠤ ᠰᠣᠷᠣᠬᠤ ᠶᠠᠪᠤᠴᠠ ᠳᠤ ᠲᠠᠷᠬᠠᠭᠰᠠᠨ ᠬᠤᠣᠷ ᠲᠤ ᠪᠤᠢ᠃ ᠪᠠᠶᠢᠭᠠᠯᠢ ᠶᠢᠷᠲᠢᠨᠴᠦ ᠳᠤ᠂ | ᠱᠠᠯᠵᠠ ᠪᠣᠯ ᠪᠠᠲᠠᠭᠠᠨ᠎ᠠ ᠶᠢᠨ ᠳᠠᠷᠠᠭ᠎ᠠ ᠣᠷᠣᠬᠤ ᠬᠤᠶᠠᠳᠤᠭᠠᠷ ᠶᠡᠭᠡ ᠬᠢᠵᠢᠭ ᠲᠠᠷᠬᠠᠭᠴᠢ ᠮᠥᠨ᠂ ᠲᠡᠭᠦᠨ ᠤ ᠠᠪᠴᠤ | ᠶᠠᠪᠤᠭ᠎ᠠ ᠡᠪᠡᠳᠴᠢᠨ ᠡᠭᠦᠰᠬᠡᠭᠴᠢ ᠨᠢ ᠸᠢᠷᠦ᠋ᠰ᠂ ᠪᠠᠺᠲ᠋ᠧᠷᠢ᠂ ᠰᠢᠮᠡᠭᠦᠷ ᠬᠤᠷᠣᠬᠠᠢ᠂ ᠵᠢᠴᠢ ᠬᠤᠣᠷᠲᠤ ᠡᠳ᠋ ᠵᠡᠷᠭᠡ ᠶᠢ | ᠪᠠᠭᠲᠠᠭᠠᠭᠰᠠᠨ ᠵᠠᠭᠤ ᠭᠠᠷᠤᠢ ᠵᠦᠢᠯ ᠠᠴᠠ ᠳᠠᠪᠠᠭᠤ ᠪᠣᠯᠣᠨ᠎ᠠ᠂ ᠡᠭᠦᠨ ᠳᠤ ᠠᠷᠪᠠᠨ ᠬᠡᠳᠦᠨ ᠵᠦᠢᠯ ᠤᠨ ᠡᠪᠡᠳᠴᠢᠨ | ᠡᠭᠦᠰᠬᠡᠭᠴᠢ ᠨᠢ ᠬᠥᠮᠥᠨ ᠤ ᠮᠠᠬᠠᠪᠤᠳ ᠢ ᠡᠪᠡᠳᠴᠢᠯᠡᠭᠦᠯᠳᠡᠭ᠃ | ᠵᠢᠯ ᠪᠦᠷᠢ ᠶᠢᠨ 4 -10 ᠰᠠᠷ᠎ᠠ ᠪᠣᠯ ᠱᠠᠯᠵᠠ ᠬᠤᠪᠢᠯᠵᠠ ᠶᠢᠨ ᠡᠪᠡᠳᠴᠢᠨ ᠣᠯᠠᠨ ᠡᠭᠦᠰᠬᠦ | ᠬᠤᠭᠤᠴᠠᠭ᠎ᠠ ᠪᠣᠯᠣᠨ᠎ᠠ᠃ ᠲᠤᠰ ᠡᠪᠡᠳᠴᠢᠨ ᠦᠷᠭᠦᠯᠵᠢ ᠬᠠᠯᠠᠭᠤᠷᠠᠬᠤ᠂ ᠴᠢᠰᠤᠨ ᠢᠯᠲᠠᠰᠤ ᠪᠠᠭᠠᠰᠬᠤ᠂ ᠴᠠᠭᠠᠨ | ᠡᠰ ᠪᠠᠭᠠᠰᠬᠤ ᠵᠢᠴᠢ ᠬᠤᠳᠣᠭᠤᠳᠤ ᠭᠡᠳᠡᠰᠦ ᠡᠪᠭᠦ᠋ᠢᠷᠡᠬᠦ ᠵᠡᠷᠭᠡ ᠡᠪᠡᠳᠴᠢᠨ ᠤ ᠢᠯᠡᠷᠡᠯ ᠭᠠᠷᠴᠤ᠂ ᠬᠡᠰᠡᠭ | ᠡᠪᠡᠳᠴᠢᠲᠡᠨ ᠲᠣᠯᠣᠭᠠᠢ ᠡᠪᠡᠳᠬᠦ᠂ ᠪᠤᠯᠴᠢᠩ ᠦᠶ᠎ᠡ ᠭᠡᠰᠢᠭᠦᠦ ᠱᠠᠷᠬᠢᠷᠠᠨ ᠡᠪᠡᠳᠬᠦ᠂ ᠮᠥᠴᠢ ᠴᠡᠴᠡᠷᠡᠬᠦ᠂ ᠬᠥᠳᠡᠯᠵᠦ | ᠪᠠᠷᠢᠬᠤ ᠳᠤ ᠬᠦᠴᠢᠷᠳᠡᠬᠦ ᠵᠡᠷᠭᠡ ᠢᠯᠡᠷᠡᠯ ᠭᠠᠷᠳᠠᠭ᠃ ᠬᠠᠵᠠᠭᠰᠠᠨ ᠬᠡᠰᠡᠭ ᠤᠨ ᠠᠷᠠᠰᠤᠨ ᠳᠤ ᠤᠯᠠᠭᠠᠨ ᠪᠢᠵᠢᠷᠡᠦ᠂ | ᠲᠣᠯᠪᠣᠲᠤ ᠡᠰᠡᠷᠭᠡᠨ᠎ᠡ ᠪᠤᠶᠤ ᠰᠠᠯᠬᠢᠨ ᠪᠥᠭᠡᠮ ᠰᠢᠭ ᠠᠷᠠᠰᠤᠨ ᠡᠰᠡᠷᠭᠡᠨ᠎ᠡ ᠭᠠᠷᠳᠠᠭ᠃ | ᠨᠠᠰᠤᠲᠠᠶᠢᠴᠤᠳ ᠪᠠ ᠬᠡᠦᠬᠡᠳ ᠵᠡᠷᠭᠡ ᠪᠠᠭᠤᠷᠠᠢ ᠬᠥᠮᠥᠰ ᠬᠠᠵᠠᠭᠳᠠᠭᠰᠠᠨ ᠤ ᠳᠠᠷᠠᠭ᠎ᠠ ᠮᠠᠰᠢ ᠠᠮᠠᠷᠬᠠᠨ | ᠡᠪᠡᠳᠴᠢᠨ ᠤ ᠢᠯᠡᠷᠡᠯ ᠭᠠᠷᠴᠤ᠂ ᠡᠪᠡᠳᠴᠢᠨ ᠤ ᠪᠠᠶᠢᠳᠠᠯ ᠨᠢ ᠨᠠᠩ ᠲᠦᠷᠭᠡᠨ ᠬᠥᠭᠵᠢᠵᠦ ᠮᠡᠳᠡᠨ᠎ᠡ᠃ ᠪᠦᠷᠢᠳᠬᠡᠯ ᠢ | ᠦᠨᠳᠦᠰᠦᠯᠡᠪᠡᠯ᠂ ᠣᠳᠣᠬᠠᠨ ᠳᠤ ᠲᠤᠰ ᠡᠪᠡᠳᠴᠢᠨ ᠤ ᠦᠬᠦᠬᠦ ᠨᠤᠷᠮ᠎ᠠ ᠨᠢ ᠳᠤᠮᠳᠠᠴᠢ ᠪᠠᠷ 7.3 %᠂ ᠦᠬᠦᠬᠦ | ᠨᠤᠷᠮ᠎ᠠ ᠨᠢ ᠬᠠᠮᠤᠭ ᠥᠨᠳᠥᠷ ᠲᠡᠭᠡᠨ 30 % ᠳᠤ ᠬᠦᠷᠴᠦ ᠪᠠᠶᠢᠨ᠎ᠠ᠃ |