ᠡᠶᠢᠮᠦ ᠢᠳᠡᠭᠡᠨ ᠬᠡᠦᠬᠡᠳ ᠤᠨ ᠬᠠᠷᠠᠭ᠎ᠠ ᠶᠢ ᠮᠠᠭᠤᠳᠠᠭᠤᠯᠤᠨ᠎ᠠ | | ᠣᠶᠢᠷ᠎ᠠ ᠬᠠᠷᠠᠭ᠎ᠠ ᠶᠢᠨ ᠲᠤᠬᠠᠢ ᠵᠠᠷᠢᠮ ᠭᠡᠷ ᠤᠨ ᠠᠬᠠᠮᠠᠳ ᠢᠳᠡᠭᠡᠨ ᠤᠮᠳᠠᠭᠠᠨ ᠨᠢ ᠨᠢᠳᠦᠨ ᠤ ᠬᠠᠷᠠᠭ᠎ᠠ ᠶᠢ | ᠨᠥᠯᠥᠭᠡᠯᠡᠨ᠎ᠡ ᠤᠤ ᠭᠡᠵᠦ ᠠᠰᠠᠭᠤᠳᠠᠭ᠃ ᠢᠳᠡᠭᠡᠨ ᠤᠮᠳᠠᠭᠠᠨ ᠨᠢ ᠨᠢᠳᠦᠨ ᠤ ᠬᠠᠷᠠᠭᠠᠨ ᠤ ᠡᠷᠡᠭᠦᠯ ᠮᠡᠨᠳᠦ ᠲᠠᠢ | ᠦᠨᠡᠬᠡᠷ ᠬᠤᠯᠪᠣᠭ᠎ᠠ ᠲᠠᠢ ᠪᠠᠶᠢᠳᠠᠭ᠃ ᠲᠡᠭᠡᠪᠡᠯ ᠢᠳᠡᠭᠡᠨ ᠤᠮᠳᠠᠭᠠᠨ ᠢ ᠲᠣᠬᠢᠷᠠᠮᠵᠢᠲᠠᠢ ᠲᠣᠬᠢᠷᠠᠭᠤᠯᠬᠤ ᠪᠠᠷ ᠳᠠᠮᠵᠢᠨ | ᠬᠡᠦᠬᠡᠳ ᠤᠨ ᠨᠢᠳᠦᠨ ᠤ ᠬᠠᠷᠠᠭ᠎ᠠ ᠶᠢ ᠰᠠᠶᠢᠵᠢᠷᠠᠭᠤᠯᠬᠤ ᠠᠷᠭ᠎ᠠ ᠪᠠᠶᠢᠨ᠎ᠠ ᠤᠤ︖ ᠲᠠ ᠪᠦᠬᠦᠨ ᠳᠤ ᠬᠡᠳᠦᠨ ᠵᠦᠢᠯ ᠢ | ᠲᠠᠨᠢᠯᠴᠠᠭᠤᠯᠤᠶ᠎ᠠ᠃ | ᠭᠠᠷᠠᠭ ᠪᠣᠯᠭᠠᠨ 1 - 2 ᠤᠳᠠᠭ᠎ᠠ ᠠᠮᠢᠲᠠᠨ ᠤ ᠡᠯᠢᠭᠡ ᠢᠳᠡᠭᠦᠯᠵᠦ᠂ ᠭᠦᠨ ᠥᠩᠭᠡ ᠲᠠᠢ ᠨᠣᠭᠤᠭ᠎ᠠ ᠵᠢᠮᠢᠰ | ᠢᠯᠡᠭᠦᠦ ᠢᠳᠡᠭᠦᠯᠬᠦ ᠬᠡᠷᠡᠭᠲᠡᠢ᠃ ᠺᠠᠯᠽ᠂ ᠰᠧᠯᠧᠨ᠂ ᠴᠠᠶᠢᠷ᠂ ᠵᠡᠰ᠂ ᠨᠠᠪᠴᠢᠨ ᠤ ᠰᠢᠷ᠎ᠠ ᠡᠳ᠋᠂ ᠸᠢᠲ᠋ᠠᠮᠢᠨ A᠂ ᠸᠢᠲ᠋ᠠᠮᠢᠨ | B1 ᠵᠡᠷᠭᠡ ᠰᠢᠮ᠎ᠡ ᠲᠡᠵᠢᠭᠡᠯ ᠤᠨ ᠡᠳ᠋ ᠨᠢ ᠨᠢᠳᠦᠨ ᠤ ᠬᠠᠷᠠᠭ᠎ᠠ ᠶᠢ ᠬᠠᠮᠠᠭᠠᠯᠠᠬᠤ ᠦᠢᠯᠡᠳᠦᠯ ᠲᠠᠢ ᠪᠠᠶᠢᠵᠤ᠂ | ᠨᠢᠳᠦᠨ ᠤ ᠬᠠᠷᠠᠭ᠎ᠠ ᠶᠢ ᠰᠠᠶᠢᠵᠢᠷᠠᠭᠤᠯᠬᠤ ᠳᠤ ᠠᠰᠢᠭᠲᠠᠢ ᠪᠠᠶᠢᠳᠠᠭ᠃ ᠬᠡᠦᠬᠡᠳ ᠳᠡᠭᠡᠨ᠂ ᠡᠳᠡᠭᠡᠷ ᠰᠢᠮ᠎ᠡ ᠲᠡᠵᠢᠭᠡᠯ | ᠡᠯᠪᠡᠭ ᠠᠭᠤᠯᠳᠠᠭ ᠨᠣᠭᠤᠭ᠎ᠠ᠂ ᠭᠦᠨ ᠥᠩᠭᠡ ᠶᠢᠨ ᠨᠣᠭᠤᠭ᠎ᠠ ᠵᠢᠮᠢᠰ᠂ ᠪᠦᠳᠦᠭᠦᠯᠢᠭ ᠠᠮᠤ᠂ ᠴᠠᠭᠠᠨ ᠢᠳᠡᠭᠡ | ᠵᠡᠷᠭᠡ ᠶᠢ ᠢᠯᠡᠭᠦᠦ ᠢᠳᠡᠭᠦᠯᠵᠦ᠂ ᠭᠠᠷᠠᠭ ᠪᠣᠯᠭᠠᠨ 1 - 2 ᠤᠳᠠᠭ᠎ᠠ ᠠᠮᠢᠲᠠᠨ ᠤ ᠡᠯᠢᠭᠡ ᠢᠳᠡᠭᠦᠯᠦᠨ᠎ᠡ᠃ ᠰᠢᠬᠢᠷᠯᠢᠭ | ᠢᠳᠡᠭᠡᠨ ᠪᠠᠭ᠎ᠠ ᠢᠳᠡᠭᠦᠯᠵᠦ᠂ ᠰᠢᠬᠢᠷ ᠠᠭᠤᠯᠤᠭᠰᠠᠨ ᠤᠮᠳᠠᠭᠠᠨ ᠪᠠᠭ᠎ᠠ ᠤᠤᠭᠤᠯᠭᠠᠬᠤ ᠬᠡᠷᠡᠭᠲᠡᠢ᠃ | ᠰᠢᠬᠢᠷᠯᠢᠭ ᠢᠳᠡᠭᠡᠨ ᠳᠠᠬᠢ ᠰᠢᠬᠢᠷ ᠨᠢ ᠬᠥᠮᠥᠨ ᠤ ᠪᠡᠶ᠎ᠡ ᠳᠤ ᠰᠣᠯᠢᠯᠴᠠᠭ᠎ᠠ ᠬᠢᠬᠦ ᠦᠶ᠎ᠡ ᠳᠤ ᠶᠡᠭᠡ ᠬᠡᠮᠵᠢᠶᠡᠨ ᠤ | ᠸᠢᠲᠮᠢᠨ B1 ᠶᠢ ᠬᠡᠷᠡᠭᠯᠡᠳᠡᠭ᠃ ᠬᠡᠷᠪᠡ ᠰᠢᠬᠢᠷᠯᠢᠭ ᠢᠳᠡᠭᠡᠨ ᠢ ᠶᠡᠭᠡ ᠬᠡᠮᠵᠢᠶ᠎ᠡ ᠪᠠᠷ ᠢᠳᠡᠪᠡᠯ ᠨᠢᠳᠦᠬᠢᠯᠪᠠᠷᠬᠠᠨ | ᠶᠠᠳᠠᠷᠠᠵᠤ᠂ ᠬᠠᠷᠠᠭᠠᠨ ᠮᠡᠳᠡᠷᠡᠯ ︽ᠰᠢᠮ᠎ᠡ ᠲᠡᠵᠢᠭᠡᠯ ᠳᠤᠲᠠᠭᠳᠠᠬᠤ︾ ᠠᠴᠠ ᠪᠣᠯᠵᠤ ᠬᠠᠷᠠᠭ᠎ᠠ ᠮᠠᠭᠤᠳᠠᠬᠤ ᠪᠣᠯᠣᠨ᠎ᠠ᠃ | ᠰᠢᠬᠢᠷᠯᠢᠭ ᠢᠳᠡᠭᠡᠨ ᠨᠢ ᠺᠠᠯᠽ ᠶᠢ ᠬᠤᠷᠣᠭᠳᠠᠭᠤᠯᠤᠨ᠎ᠠ᠃ ᠺᠠᠯᠽ ᠳᠤᠲᠠᠪᠠᠯ ᠨᠢᠳᠦᠨ ᠤ ᠪᠣᠯᠴᠢᠩ ᠰᠤᠯᠠᠷᠠᠵᠤ᠂ | ᠡᠭᠦᠨ ᠤ ᠤᠯᠠᠮ ᠢᠶᠠᠷ ᠣᠶᠢᠷ᠎ᠠ ᠬᠠᠷᠠᠭ᠎ᠠ ᠲᠠᠢ ᠪᠣᠯᠳᠠᠭ᠃ ᠰᠢᠬᠢᠷᠯᠢᠭ ᠢᠳᠡᠭᠡᠨ ᠨᠢ ᠪᠠᠰᠠ ᠨᠢᠳᠦᠨ ᠤ ᠲᠠᠯᠠᠰᠯᠢᠭ | ᠪᠡᠶ᠎ᠡ ᠶᠢ ᠨᠥᠯᠥᠭᠡᠯᠡᠨ᠎ᠡ᠃ ᠰᠢᠬᠢᠷᠯᠢᠭ ᠢᠳᠡᠭᠡᠨ ᠠᠷᠪᠢᠨ ᠢᠳᠡᠪᠡᠯ ᠬᠥᠮᠥᠨ ᠤ ᠪᠡᠶ᠎ᠡ ᠳᠠᠬᠢ ᠴᠢᠰᠤᠨ ᠰᠢᠬᠢᠷ ᠤᠨ | ᠬᠡᠮᠵᠢᠶ᠎ᠡ ᠥᠨᠳᠥᠷ ᠪᠣᠯᠵᠤ᠂ ᠴᠢᠰᠤᠨ ᠡᠭᠡᠳᠡᠩ ᠤᠨ ᠨᠡᠪᠴᠢᠯᠲᠡ ᠶᠢᠨ ᠳᠠᠷᠤᠯᠲᠠ ᠳᠡᠭᠡᠭᠰᠢᠯᠡᠵᠦ᠂ ᠪᠡᠶ᠎ᠡ ᠶᠢᠨ | ᠰᠢᠩᠭᠡᠨ ᠤ ᠨᠡᠪᠴᠢᠯᠲᠡ ᠶᠢᠨ ᠳᠠᠷᠤᠯᠲᠠ ᠳᠣᠭᠤᠭᠰᠢᠯᠠᠵᠤ᠂ ᠨᠢᠳᠦᠨ ᠤ ᠳᠠᠷᠤᠯᠲᠠ ᠶᠢ ᠶᠡᠬᠡᠰᠬᠡᠵᠦ᠂ ᠣᠶᠢᠷ᠎ᠠ | ᠬᠠᠷᠠᠭ᠎ᠠ ᠶᠢ ᠡᠭᠦᠰᠬᠡᠵᠦ ᠮᠡᠳᠡᠨ᠎ᠡ᠃ | ᠡᠶᠢᠮᠦ ᠠᠴᠠ ᠬᠡᠦᠬᠡᠳ ᠲᠤ ᠰᠢᠬᠢᠷ ᠠᠭᠤᠯᠤᠭᠰᠠᠨ ᠤᠮᠳᠠᠭᠠᠨ ᠪᠠᠭ᠎ᠠ ᠤᠤᠭᠤᠯᠭᠠᠵᠤ᠂ ᠰᠢᠬᠢᠷᠯᠢᠭ ᠢᠳᠡᠭᠡ᠂ ᠰᠢᠬᠢᠷ | ᠵᠢᠮᠢᠰ ᠵᠡᠷᠭᠡ ᠰᠢᠬᠢᠷ ᠤᠨ ᠠᠭᠤᠯᠤᠭᠳᠠᠴᠠ ᠨᠡᠯᠢᠶᠡᠳ ᠥᠨᠳᠥᠷ ᠰᠢᠬᠢᠷᠯᠢᠭ ᠢᠳᠡᠭᠡᠨ ᠪᠠᠭ᠎ᠠ ᠢᠳᠡᠭᠦᠯᠬᠦ ᠬᠡᠷᠡᠭᠲᠡᠢ᠃ | ᠬᠠᠲᠠᠭᠤ ᠰᠢᠭ᠋ ᠵᠦᠢᠯ ᠢᠳᠡᠭᠦᠯᠵᠦ ᠨᠢᠳᠦᠨ ᠤ ᠪᠣᠯᠴᠢᠩ ᠢ ᠴᠢᠩᠭᠠᠷᠠᠭᠤᠯᠬᠤ ᠨᠢ ᠴᠢᠬᠤᠯᠠ᠃ ᠵᠠᠵᠢᠯᠬᠤ ᠨᠢ | ᠬᠡᠦᠬᠡᠳ ᠤᠨ ᠨᠢᠭᠤᠷ ᠤᠨ ᠪᠤᠯᠴᠢᠩ ᠤᠨ ᠬᠥᠳᠡᠯᠭᠡᠭᠡᠨ ᠢ ᠠᠬᠢᠭᠤᠯᠵᠤ᠂ ᠢᠯᠠᠩᠭᠤᠶ᠎ᠠ ᠨᠢᠳᠦᠨ ᠤ ᠪᠣᠯᠴᠢᠩ ᠤᠨ | ᠬᠥᠳᠡᠯᠭᠡᠭᠡᠨ ᠢ ᠨᠡᠮᠡᠭᠳᠡᠭᠦᠯᠳᠡᠭ ᠶᠤᠮ᠃ |