ᠮᠠᠯᠴᠢᠨ ᠲᠣᠯᠭᠠᠭᠤᠷᠢ ᠶᠢᠨ ᠠᠮᠢᠳᠣᠷᠠᠯ ᠤᠨ ᠰᠢᠨ᠎ᠡ ᠥᠩᠭᠡ ᠲᠦᠷᠬᠦ | | ᠨᠠᠮᠣᠷ ᠤᠨ ᠡᠪᠡᠰᠦ ᠬᠠᠳᠣᠯᠠᠩ ᠢᠶᠠᠨ ᠬᠦᠷᠦᠯᠴᠡᠭᠡ ᠲᠠᠢ ᠰᠠᠶᠢᠬᠠᠨ ᠨᠥᠭᠡᠴᠡᠯᠡᠭᠰᠡᠨ ᠮᠠᠯᠴᠢᠨ ᠲᠣᠯᠭᠠᠭᠤᠷᠢ᠂ ᠣᠶᠢᠷ᠎ᠠ | ᠳᠤ ᠮᠠᠯ ᠣᠨᠣᠭᠠᠨ ᠤ ᠵᠠᠷᠣᠴᠠᠭᠤᠯᠣᠯᠲᠠ ᠪᠠᠨ ᠬᠢᠵᠦ᠂ ᠡᠪᠦᠯ ᠬᠠᠪᠣᠷ ᠤᠨ ᠣᠨᠳᠣᠷᠣᠭᠤᠯᠬᠤ ᠪᠡᠯᠡᠳᠬᠡᠯ ᠢᠶᠠᠨ ᠨᠠᠷᠢᠨ | ᠰᠠᠶᠢᠬᠠᠨ ᠲᠦᠰᠦᠪᠯᠡᠵᠦ ᠰᠠᠭᠤᠨ᠎ᠠ ᠃ | | | ᠲᠣᠯᠭᠠᠭᠤᠷᠢ ᠣᠣᠯ ᠨᠢ ᠭᠡᠷ ᠤᠨ ᠬᠦᠮᠦᠰ ᠲᠠᠢ ᠪᠠᠨ ᠭᠠᠳᠠᠭᠰᠢ ᠶᠠᠪᠣᠵᠣ ᠬᠦᠯᠦᠰᠦᠨ ᠠᠵᠢᠯ ᠬᠢᠵᠦ ᠠᠵᠣ ᠠᠮᠢᠳᠣᠷᠠᠯ | ᠤᠨ ᠢᠶᠠᠨ ᠭᠤᠣᠯ ᠣᠷᠣᠯᠭ᠎ᠠ ᠪᠣᠯᠭᠠᠳᠠᠭ ᠪᠠᠶᠢᠵᠠᠢ᠃ ᠬᠡᠳᠦᠨ ᠵᠢᠯ ᠤᠨ ᠡᠮᠦᠨ᠎ᠡ ᠡᠳᠡᠨᠡᠶᠢᠬᠢ ᠨᠢ ᠬᠤᠭᠤᠯᠠᠳᠣ ᠶᠢᠨ ᠭᠤᠣᠯ | ᠪᠠᠯᠭᠠᠰᠣᠨ ᠤ ᠰᠢᠨᠡᠪᠣᠯᠠᠭ ᠭᠠᠴᠠᠭᠠᠨ ᠳᠤ ᠬᠢ ᠬᠤᠪᠢᠳᠠᠭᠰᠠᠨ ᠨᠣᠳᠤᠭ ᠲᠤ ᠪᠠᠨ ᠪᠣᠴᠠᠨ ᠢᠷᠡᠵᠦ᠂ ᠮᠠᠯ ᠠᠵᠣ ᠠᠬᠤᠢ | ᠪᠠᠨ ᠡᠷᠬᠢᠯᠡᠬᠦ ᠳᠤ ᠬᠦᠴᠦ ᠪᠠᠨ ᠲᠠᠯᠪᠢᠨ᠂ ᠪᠦᠳᠦᠭᠡᠨ ᠪᠠᠶᠢᠭᠤᠯᠣᠯᠲᠠ ᠪᠠᠨ ᠰᠠᠶᠢᠵᠢᠷᠠᠭᠤᠯᠵᠣ ᠡᠬᠢᠯᠡᠵᠡᠢ᠃ ᠰᠣᠮᠣ | ᠪᠣᠯᠣᠨ ᠭᠠᠴᠠᠭᠠᠨ ᠠᠴᠠ ᠨᠢ ᠲᠣᠬᠠᠢ ᠶᠢᠨ ᠦᠶ᠎ᠡ ᠳᠤ ᠲᠣᠯᠭᠠᠭᠤᠷᠢ ᠶᠢᠨ ᠠᠮᠢᠳᠣᠷᠠᠯ ᠤᠨ ᠬᠦᠴᠢᠷᠳᠡᠯ ᠢ ᠬᠦᠢᠴᠡᠳ | ᠪᠣᠳᠣᠯᠬᠢᠯᠠᠨ ᠲᠡᠭᠡᠭᠰᠢ ᠮᠡᠳᠡᠭᠦᠯᠵᠦ᠂ ᠣᠷᠣᠨ ᠰᠠᠭᠤᠴᠠ ᠪᠣᠯᠣᠨ ᠬᠡᠷᠡᠮ ᠫᠧᠩ ᠪᠠᠷᠢᠬᠤ ᠳᠤ ᠨᠢ ᠲᠣᠰᠠᠯᠠᠮᠵᠢ | ᠦᠵᠡᠭᠦᠯᠦᠭᠰᠡᠨ ᠪᠦᠭᠡᠳ ᠲᠣᠯᠭᠠᠭᠤᠷᠢ ᠴᠦ ᠬᠡᠷᠡᠮ ᠬᠠᠰᠢᠶ᠎ᠠ ᠪᠠᠨ ᠥᠪᠡᠷ ᠢᠶᠠᠨ ᠭᠠᠷ ᠬᠦᠳᠡᠯᠦᠨ ᠥᠷᠭᠡᠳᠬᠡᠨ ᠰᠡᠯᠪᠢᠵᠦ | ᠵᠠᠷᠣᠳᠠᠯ ᠮᠥᠩᠭᠦ ᠪᠠᠨ ᠠᠷᠪᠢᠯᠠᠵᠣ ᠵᠢᠯ ᠳᠤ ᠪᠠᠨ ᠬᠤᠨᠢ᠂ ᠦᠭᠡᠷ᠂ ᠠᠳᠣᠭᠤ ᠬᠤᠳᠠᠯᠳᠣᠨ ᠠᠪᠴᠦ᠂ ᠴᠦᠭᠡᠨ | ᠪᠠᠶᠢᠭᠰᠠᠨ ᠬᠤᠷᠢᠭᠠᠳ ᠢᠮᠠᠭ᠎ᠠ ᠨᠢ ᠴᠦ ᠦᠰᠴᠦ ᠣᠷᠣᠯᠭ᠎ᠠ ᠨᠢ ᠨᠡᠮᠡᠭᠳᠡᠵᠦ ᠢᠷᠡᠵᠡᠢ᠃ | | | ᠠᠷᠪᠠᠨ ᠵᠢᠯ ᠤᠨ ᠡᠮᠦᠨ᠎ᠡ ᠲᠣᠯᠭᠠᠭᠤᠷᠢ ᠶᠢᠨ ᠭᠡᠷ ᠤᠨ ᠣᠶᠢᠷ᠎ᠠ ᠵᠠᠭᠤᠷ᠎ᠠ ᠵᠠᠮ ᠮᠦᠷ ᠭᠡᠵᠦ ᠲᠦᠭᠦᠮ ᠦᠭᠡᠢ᠂ | ᠮᠠᠰᠢᠨ ᠣᠨᠤᠭ᠎ᠠ ᠴᠦ ᠴᠦᠭᠡᠨ ᠂ ᠲᠡᠳᠡᠨᠡᠷ ᠶᠠᠪᠣᠵᠣ ᠰᠠᠭᠤᠬᠤ ᠳᠤ ᠲᠦᠭᠦᠮ ᠦᠭᠡᠢ ᠪᠠᠶᠢᠭᠰᠠᠨ ᠪᠣᠯ ᠣᠶᠢᠷ᠎ᠠ ᠶᠢᠨ | ᠬᠡᠳᠦᠨ ᠵᠢᠯ ᠳᠤ ᠭᠡᠷ ᠤᠨ ᠬᠢᠨᠢ ᠡᠭᠦᠳᠡ ᠪᠠᠷ ᠲᠡᠭᠰᠢ ᠰᠠᠶᠢᠬᠠᠨ ᠵᠠᠮ ᠵᠠᠰᠠᠭᠳᠠᠵᠣ᠂ ᠲᠣᠯᠭᠠᠭᠤᠷᠢ ᠴᠦ ᠥᠩᠭᠡᠷᠡᠭᠰᠡᠨ ᠵᠢᠯ | ᠰᠢᠨᠡᠬᠡᠨ ᠰᠠᠭᠤᠳᠠᠯ ᠤᠨ ᠮᠠᠰᠢᠨ ᠠᠪᠴᠦ᠂ ᠡᠳᠦᠭᠡ ᠡᠪᠡᠰᠦ ᠬᠠᠳᠣᠯᠠᠩ ᠳᠤ ᠬᠡᠷᠡᠭᠯᠡᠬᠦ᠂ ᠠᠴᠢᠶ᠎ᠠ ᠭᠦᠰᠭᠡᠨ ᠳᠤ ᠬᠡᠷᠡᠭᠯᠡᠬᠦ᠂ | ᠠᠯᠣᠰ ᠵᠠᠮ ᠶᠠᠪᠣᠬᠤ ᠭᠡᠳ ᠮᠠᠰᠢᠨ ᠣᠨᠤᠭ᠎ᠠ ᠪᠦᠷᠢᠨ ᠲᠦᠭᠦᠷ ᠪᠣᠯᠣᠭᠰᠠᠨ ᠪᠠᠶᠢᠯ᠎ᠠ᠃ | | | ᠣᠶᠢᠭ᠎ᠠ ᠦᠭᠡᠢ ᠬᠦᠳᠡᠯᠮᠦᠷᠢ ᠪᠠᠷ ᠠᠮᠢᠳᠣᠷᠠᠯ ᠤᠨ ᠢᠶᠠᠨ ᠣᠯᠠ ᠰᠠᠭᠤᠷᠢ ᠶᠢ ᠪᠠᠬᠢᠯᠡᠵᠦ ᠶᠠᠪᠣᠭ᠎ᠠ ᠲᠣᠯᠭᠠᠭᠤᠷᠢ ᠶᠢᠨ | ᠭᠡᠷ ᠪᠦᠯᠢ ᠳᠤ ᠡᠨᠡᠬᠦ ᠬᠡᠳᠦᠨ ᠵᠢᠯ ᠤᠨ ᠬᠤᠭᠤᠷᠣᠨᠳᠣ ᠠᠵᠣ ᠠᠮᠢᠳᠣᠷᠠᠯ ᠳᠤ ᠨᠢ ᠬᠤᠪᠢᠷᠠᠯᠳᠠ ᠶᠡᠭᠡ ᠲᠠᠢ ᠪᠠᠶᠢᠵᠣ᠂ ᠵᠢᠯ | ᠳᠤ ᠪᠠᠨ ᠠᠵᠣ ᠠᠮᠢᠳᠣᠷᠠᠯ ᠤᠨ ᠣᠷᠣᠯᠭ᠎ᠠ ᠨᠢ ᠠᠷᠪᠠᠨ ᠲᠦᠮᠠ ᠶᠢ ᠲᠠᠪᠠᠵᠣ᠂ ᠴᠡᠪᠡᠷ ᠲᠣᠬᠢᠯᠢᠭ ᠣᠷᠣᠨ ᠰᠠᠭᠤᠴᠠ᠂ | ᠲᠣᠯᠠᠭᠠᠨ ᠬᠠᠰᠢᠶ᠎ᠠ ᠰᠠᠷᠠᠪᠴᠢ ᠵᠡᠷᠭᠡ ᠪᠦᠷᠢᠳᠦᠵᠦ᠂ ᠡᠨᠡ ᠡᠪᠦᠯ ᠭᠤᠷᠪᠠ ᠵᠠᠭᠤ ᠰᠢᠬᠠᠮ ᠪᠣᠭ ᠮᠠᠯ᠂ ᠭᠤᠴᠢᠭᠠᠳ ᠪᠣᠳᠠ | ᠮᠠᠯ ᠣᠨᠳᠣᠷᠣᠭᠠᠠᠬᠤ ᠪᠠᠷ ᠲᠦᠰᠦᠪᠯᠡᠵᠣ ᠰᠠᠭᠤᠨ᠎ᠠ᠃ | | | | | | |