ᠪᠣᠰᠣᠳ ᠢ ᠬᠠᠪᠰᠣᠷᠬᠤ ᠪᠠᠷ ᠵᠢᠷᠭᠠᠯ ᠢᠶᠠᠨ ᠪᠣᠯᠭᠠᠳᠠᠭ ᠭᠡᠷ ᠪᠦᠯᠢ ᠶᠢᠨ ᠬᠢᠨ | | ᠠᠶᠢᠯ ᠣᠰᠣᠨ ᠤ ᠢᠶᠠᠨ ᠠᠵᠢᠯ ᠠᠮᠢᠳᠣᠷᠠᠯ ᠳᠤ ᠲᠣᠰᠠᠯᠠᠵᠦ᠂ ᠬᠦᠴᠢᠷ ᠲᠦᠪᠡᠭᠳᠠᠢ ᠠᠵᠢᠯ ᠶᠠᠪᠣᠳᠠᠯ ᠳᠤᠨᠢ | ᠬᠠᠮᠵᠢᠯᠴᠠᠵᠦ ᠶᠠᠪᠣᠳᠠᠭ ᠬᠦᠮᠦᠰ ᠤᠨ ᠲᠣᠮᠳᠠᠬᠢ ᠨᠢᠬᠡᠨ ᠪᠣᠯ ᠬᠤᠭᠤᠯᠠᠲᠦ ᠶᠢᠨ ᠭᠤᠣᠯ ᠪᠠᠯᠭᠠᠰᠣᠨ ᠤ ᠪᠠᠶ᠋ᠬᠠᠷᠭᠡᠲᠦ | ᠭᠠᠴᠠᠭᠠᠨ ᠤ ᠮᠠᠯᠴᠢᠨ ᠰᠣᠶᠣᠯᠪᠠᠭᠠᠳᠣᠷ ᠤᠨ ᠬᠢᠨ ᠪᠣᠯᠣᠨ᠎ᠠ᠃ | | | | ᠲᠠᠷᠠ ᠬᠤᠶᠠᠷ 2019 ᠣᠨ ᠤ 5 ᠰᠠᠷ᠎ᠠ ᠳᠤ ᠰᠠᠶᠢᠨ ᠲᠣᠷ᠎ᠠ ᠠᠴᠠ ᠪᠠᠨ ︽ᠨᠢᠩᠵᠢᠨ ᠬᠠᠶᠢᠷ᠎ᠠ︾ ᠰᠠᠶᠢᠨ | ᠲᠣᠷᠠᠴᠣᠳ ᠤᠨ ᠨᠡᠶᠢᠬᠡᠮᠯᠢᠭ ᠲᠤ ᠡᠷᠡᠮᠠᠯᠵᠠᠯᠠᠨ ᠣᠷᠣᠵᠦ᠂ ᠣᠷᠴᠢᠨ ᠲᠣᠭᠤᠷᠢᠨ ᠴᠡᠪᠡᠷᠯᠡᠬᠦ᠂ ᠨᠠᠰᠣᠳᠠᠢ ᠨᠢᠯᠬ᠎ᠠ ᠪᠠᠨ | ᠬᠠᠯᠠᠮᠵᠢᠯᠠᠨ ᠬᠦᠨᠳᠦᠳᠬᠡᠬᠦ᠂ ᠬᠠᠶᠢᠷ᠎ᠠ ᠬᠠᠯᠠᠮᠵᠢ ᠶᠢᠨ ᠬᠠᠨᠳᠢᠪ ᠡᠷᠭᠦᠭᠦ᠂ ᠬᠢᠵᠢᠭ ᠢ ᠰᠠᠷᠬᠡᠶᠢᠯᠠᠨ ᠬᠤᠷᠢᠭᠯᠠᠬᠤ ᠠᠵᠢᠯᠯᠠᠭ᠎ᠠ | ᠳᠤ ᠰᠠᠶᠢᠨ ᠲᠤᠷ᠎ᠠ ᠠᠴᠠ ᠪᠠᠨ ᠤᠷᠤᠯᠴᠠᠬᠤ ᠵᠡᠷᠭᠡ 38 ᠤᠳᠠᠭᠠᠨ ᠤ ᠰᠠᠶᠢᠨ ᠲᠤᠷ᠎ᠠ ᠶᠢᠨ ᠠᠵᠢᠯᠯᠠᠭᠠᠨ ᠳᠤ ᠢᠳᠠᠪᠬᠢᠳᠠᠢ | ᠣᠷᠣᠯᠴᠠᠨ᠂ ᠭᠡᠷ ᠪᠦᠯᠢ ᠶᠢᠨ ᠠᠷᠰᠠᠷ ᠠᠵᠢᠯ ᠶᠠᠪᠣᠳᠠᠯ ᠠᠴᠠ ᠡᠬᠢᠯᠠᠨ ᠬᠦᠨᠲᠦ ᠶᠡᠭᠡ ᠠᠳᠡᠯ ᠶᠠᠪᠣᠳᠠᠯ ᠬᠦᠷᠳᠡᠯ᠎ᠡ ᠠᠯᠢᠨ | ᠳᠤ ᠴᠦ ᠣᠬᠤᠷᠢᠯ ᠦᠬᠡᠢ ᠪᠠᠷ ᠦᠨᠡᠨᠴᠢ ᠰᠡᠳᠬᠢᠯ ᠢᠶᠠᠷ ᠬᠠᠪᠰᠣᠷᠴᠦ ᠂ ᠬᠦᠮᠦᠨ ᠤᠯᠠᠨ ᠤ ᠪᠠᠨ ᠢᠳᠡᠭᠡᠯ ᠭᠦᠳᠣᠳᠬᠡᠯ | ᠢ ᠣᠯᠵᠦ᠂ ᠠᠷᠠᠳ ᠤᠨ ᠰᠡᠳᠬᠢᠯ ᠢ ᠲᠣᠯᠠᠭᠠᠴᠠᠭᠤᠯᠵᠦ ᠶᠠᠪᠣᠵᠠᠢ᠃᠃ | ᠶᠡᠷᠦ ᠶᠢᠨ ᠦᠶ᠎ᠠ ᠳᠤ ᠴᠦ ᠬᠡᠰᠡᠨ ᠠᠶᠢᠯ ᠠᠶᠢᠮᠠᠭ ᠤᠨ ᠠᠬᠠᠨ ᠲᠡᠭᠦᠦᠰ ᠲᠡᠭᠡᠨ ᠲᠣᠰᠠ ᠲᠡᠮᠵᠢᠯᠭᠡ ᠦᠵᠡᠭᠦᠯᠦᠨ᠂ | ᠦᠨ᠎ᠡ ᠲᠦᠯᠦᠪᠣᠷᠢ ᠦᠬᠡᠢ ᠨᠡᠭᠦᠷᠡᠰᠦ᠂ ᠪᠣᠷᠳᠣᠭᠤᠷ ᠲᠡᠭᠡᠭᠡᠵᠦ ᠦᠭᠬᠦ᠂ ᠵᠣᠳ ᠰᠢᠭᠤᠷᠭᠠᠨ ᠳᠤ ᠲᠣᠷᠴᠦ ᠲᠡᠭᠡᠭᠯᠡᠭᠰᠡᠨ | ᠲᠡᠷᠭᠡ ᠣᠨᠤᠭ᠎ᠠ ᠶᠢ ᠠᠪᠣᠷᠠᠨ ᠲᠣᠰᠠᠯᠠᠬᠤ᠂ ᠫᠧᠩ ᠬᠤᠷᠤᠭ᠎ᠠ ᠴᠡᠪᠡᠷᠯᠡᠨ ᠦᠭᠳᠡᠭ ᠪᠠᠷᠠᠬᠤ ᠦᠭᠡᠢ᠂ ᠭᠠᠴᠠᠭᠠᠨ ᠤ ᠢᠶᠠᠨ | ᠬᠦᠴᠢᠷᠳᠡᠯᠳᠠᠢ ᠰᠣᠷᠣᠭᠴᠢ ᠳᠤ ᠬᠡᠳᠦᠨ ᠵᠢᠯ ᠲᠠᠷᠠᠭᠠᠯᠠᠨ ᠬᠠᠨᠳᠢᠪ ᠤᠨ ᠮᠦᠩᠬᠦ ᠴᠣᠭᠯᠠᠭᠤᠯᠣᠨ ᠲᠡᠮᠵᠢᠬᠡ ᠦᠵᠡᠭᠦᠯᠵᠦ᠂ | ᠶᠠᠳᠠᠵᠦ ᠵᠦᠳᠡᠭᠰᠡᠨ ᠢᠶᠠᠨ ᠲᠣᠰᠠᠯᠠᠵᠦ ᠲᠡᠮᠵᠢᠬᠦ ᠶᠢ ᠭᠤᠴᠢ ᠭᠠᠷᠣᠢ ᠵᠢᠯ ᠤᠨ ᠲᠣᠷᠰᠢᠬᠢ ᠠᠵᠢᠯ ᠠᠮᠢᠳᠣᠷᠠᠯ ᠤᠨ | ᠪᠠᠷᠢᠮᠳᠠᠯᠠᠯ ᠢᠶᠠᠨ ᠪᠣᠯᠭᠠᠭᠰᠠᠭᠠᠷ ᠢᠷᠡᠵᠠᠢ᠃ |