ᠦᠳᠡ ᠳᠤ ᠤᠨᠲᠠᠵᠤ ᠠᠮᠠᠷᠠᠪᠠᠯ ᠤᠷᠳᠤ ᠨᠠᠰᠤᠯᠠᠵᠤ ᠤᠳᠠᠭᠠᠨ ᠵᠢᠷᠭᠠᠵᠤ ᠴᠢᠳᠠᠨ᠎ᠠ | | ᠤᠯᠠᠷᠢᠯ ᠰᠣᠯᠢᠭᠳᠠᠬᠤ ᠦᠶ᠎ᠡ ᠪᠠᠷ ᠬᠥᠮᠥᠰ ᠠᠮᠠᠷᠬᠠᠨ ᠨᠣᠵᠣᠭᠤᠷᠠᠵᠤ᠂ ᠦᠳᠡ ᠪᠣᠯᠪᠠᠯ ᠨᠡᠩ ᠴᠤ | ᠨᠣᠶᠢᠷᠮᠣᠭᠯᠠᠭᠠᠳ ᠢᠷᠡᠳᠡᠭ᠃ ᠡᠶᠢᠮᠦ ᠠᠴᠠ ᠠᠯᠪᠠᠨ ᠭᠡᠷ ᠲᠤ ᠠᠵᠢᠯᠯᠠᠳᠠᠭ ᠬᠥᠮᠥᠰ ᠨᠢᠳᠦ ᠪᠠᠨ ᠡᠷᠭᠦᠵᠦ ᠶᠠᠳᠠᠨ | ᠠᠯᠪᠠᠨ ᠰᠢᠷᠡᠭᠡᠨ ᠳᠡᠭᠡᠷ᠎ᠡ ᠪᠠᠨ ᠦᠷᠭᠡᠯᠡᠬᠦ ᠪᠤᠶᠤ ᠨᠠᠰᠤᠲᠠᠶᠢᠴᠤᠳ ᠪᠦᠷ ᠴᠤ ᠣᠷᠣᠨ ᠳᠡᠭᠡᠷ᠎ᠡ ᠪᠠᠨ ᠭᠠᠷᠤᠭᠠᠳ | ᠲᠠᠪᠠᠲᠠᠶᠢᠬᠠᠨ ᠨᠣᠶᠢᠷᠰᠤᠴᠢᠬᠠᠳᠠᠭ᠃ ᠢᠩᠭᠢᠵᠦ ᠨᠢᠭᠡ ᠨᠣᠶᠢᠷᠰᠤᠪᠠᠯ ᠪᠠᠰᠠ ᠴᠠᠭ ᠭᠠᠷᠤᠢ ᠪᠠᠷ ᠨᠣᠶᠢᠷᠰᠤᠴᠢᠬᠠᠳᠠᠭ | ᠪᠠᠶᠢᠨ᠎ᠠ᠃ ᠳᠡᠭᠡᠪᠡᠯ ᠦᠳᠡ ᠳᠤ ᠤᠨᠲᠠᠬᠤ ᠨᠢ ᠪᠡᠶ᠎ᠡ ᠮᠠᠬᠠᠪᠤᠳ ᠲᠤ ᠲᠤᠰᠠᠲᠠᠢ ᠤᠤ ᠦᠭᠡᠢ ᠤᠤ︖ ᠶᠠᠭᠠᠬᠢᠵᠤ | ᠤᠨᠲᠠᠪᠠᠯ ᠰᠠᠢᠢ ᠲᠣᠬᠢᠲᠠᠢ ᠪᠠᠶᠢᠳᠠᠭ ᠪᠤᠢ︖ | ᠨᠢᠭᠡ᠂ ᠶᠠᠭᠤᠨ ᠳᠤ ᠦᠳᠡ ᠳᠤ ᠤᠨᠲᠠᠬᠤ ᠴᠢᠬᠤᠯᠠ ᠲᠠᠢ ᠪᠤᠢ︖ ᠣᠶᠢᠷ᠎ᠠ ᠶᠢᠨ ᠵᠢᠯ ᠳᠤ᠂ ᠭᠧᠷᠮᠠᠨ ᠤᠯᠤᠰ ᠤᠨ | ᠮᠡᠳᠡᠷᠡᠯ ᠤᠨ ᠡᠪᠡᠳᠴᠢᠨ ᠤ ᠰᠤᠳᠤᠯᠭᠠᠨ ᠤ ᠭᠠᠵᠠᠷ ᠤᠨ ᠤᠨᠲᠠᠯᠭ᠎ᠠ ᠶᠢ ᠰᠤᠳᠤᠯᠳᠠᠭ ᠡᠷᠳᠡᠮᠲᠡᠳ ᠠᠴᠠ ᠬᠥᠮᠥᠰ | ᠦᠳᠡᠰᠢ ᠰᠥᠨᠢ ᠤᠨᠲᠠᠬᠤ ᠬᠡᠷᠡᠭᠲᠡᠢ ᠪᠠᠷ ᠪᠠᠷᠠᠬᠤ ᠦᠭᠡᠢ ᠦᠳᠡ ᠳᠡᠭᠡᠨ ᠴᠤ ᠤᠨᠲᠠᠬᠤ ᠬᠡᠷᠡᠭᠲᠡᠢ ᠪᠠᠶᠢᠳᠠᠭ ᠭᠡᠰᠡᠨ ᠢ | ᠰᠤᠳᠤᠯᠵᠤ ᠮᠡᠳᠡᠭᠰᠡᠨ ᠪᠠᠶᠢᠨ᠎ᠠ᠃ ᠬᠥᠮᠥᠰ ᠲᠤ ᠦᠳᠡ ᠶᠢᠨ ᠡᠮᠦᠨᠡᠬᠢ 9 ᠴᠠᠭ᠂ ᠦᠳᠡ ᠶᠢᠨ 1 ᠴᠠᠭ᠂ ᠦᠳᠡ ᠶᠢᠨ | ᠬᠤᠶᠢᠨᠠᠬᠢ 5 ᠴᠠᠭ ᠤᠨ ᠦᠶ᠎ᠡ ᠳᠤ ᠤᠨᠲᠠᠬᠤ 3 ᠤᠷᠬᠢᠯ ᠤᠨ ᠦᠶ᠎ᠡ ᠪᠤᠢ᠃ ᠡᠭᠦᠨ ᠳᠤ ᠦᠳᠡ ᠶᠢᠨ 1 ᠴᠠᠭ ᠤᠨ | ᠦᠶ᠎ᠡ ᠪᠣᠯ ᠬᠥᠮᠥᠰ ᠤᠨ ᠬᠠᠮᠤᠭ ᠤᠨ ᠢᠯᠡᠭᠦᠦ ᠨᠣᠶᠢᠷ ᠬᠦᠷᠳᠡᠭ ᠴᠠᠭ ᠪᠣᠯᠣᠨ᠎ᠠ᠃ ᠥᠭᠡᠷ᠎ᠡ ᠪᠠᠷ ᠬᠡᠯᠡᠪᠡᠯ᠂ ᠦᠳᠡᠰᠢ | ᠰᠥᠨᠢ ᠠᠴᠠ ᠭᠠᠳᠠᠨ᠎ᠠ ᠬᠥᠮᠥᠰ ᠲᠤ ᠪᠠᠰᠠ ᠭᠡᠭᠡᠨ ᠴᠠᠭᠠᠨ ᠡᠳᠦᠷ ᠢᠶᠠᠷ 4 ᠴᠠᠭ ᠠᠯᠤᠰᠯᠠᠬᠤ ᠪᠦᠷᠢ ᠨᠢᠭᠡ ᠤᠳᠠᠭ᠎ᠠ | ᠨᠣᠶᠢᠷ ᠬᠦᠷᠬᠦ ᠠᠶᠢᠵᠠᠮ ᠲᠠᠢ᠃ ᠡᠷᠳᠡᠮᠲᠡᠳ ᠤᠨ ᠦᠵᠡᠬᠦ ᠪᠠᠷ᠂ ᠠᠵᠢᠯ ᠰᠤᠷᠤᠯᠴᠠᠯᠭ᠎ᠠ ᠶᠢᠨ ᠶᠠᠭᠠᠷᠠᠤ ᠪᠣᠯᠣᠨ ᠤᠶᠤᠨ | ᠰᠠᠨᠠᠭᠠᠨ ᠤ ᠤᠯᠠᠨ ᠠᠵᠢᠯᠯᠠᠭ᠎ᠠ ᠠᠴᠠ ᠪᠤᠶᠤ ᠡᠰᠡᠬᠦᠯ᠎ᠡ ᠴᠠᠢ ᠠᠷᠢᠬᠢ ᠮᠡᠲᠦ ᠶᠢᠨ ᠲᠠᠷᠢᠬᠢ ᠬᠥᠬᠡᠷᠡᠭᠦᠯᠬᠦ ᠤᠮᠳᠠᠭᠠᠨ ᠤ | ᠰᠡᠳᠡᠯᠲᠡ ᠠᠴᠠ ᠪᠣᠯᠵᠤ ᠬᠥᠮᠥᠰ ᠤᠨ ᠭᠡᠭᠡᠨ ᠴᠠᠭᠠᠨ ᠡᠳᠦᠷ ᠢᠶᠠᠷ ᠠᠶᠢᠵᠠᠮ ᠲᠠᠢ ᠢᠷᠡᠬᠦ ᠨᠣᠶᠢᠷ ᠨᠢ ᠳᠠᠷᠤᠭᠳᠠᠨ | ᠵᠢᠯᠢᠢᠳᠡᠭ ᠪᠠᠶᠢᠨ᠎ᠠ᠃ ᠡᠶᠢᠮᠦ ᠠᠴᠠ ᠵᠠᠷᠢᠮ ᠬᠥᠮᠥᠨ ᠡᠳᠦᠷ ᠢᠶᠠᠷ ᠨᠣᠶᠢᠷ ᠦᠯᠦ ᠬᠦᠷᠳᠡᠭ ᠪᠠᠶᠢᠨ᠎ᠠ᠃ ᠭᠡᠪᠡᠴᠦ ᠬᠡᠵᠢᠶ᠎ᠡ | ᠨᠢᠭᠡ ᠡᠳᠦᠷ ᠡᠳᠡᠭᠡᠷ ᠭᠠᠳᠠᠭᠠᠳᠤ ᠠᠴᠠ ᠪᠣᠯᠤᠭᠰᠠᠨ ᠰᠡᠳᠡᠯᠲᠡ ᠪᠠᠭ᠎ᠠ ᠪᠣᠯᠪᠠᠯ᠂ ᠬᠥᠮᠥᠰ ᠤᠨ ᠡᠳᠦᠷ ᠢᠶᠠᠷ ᠨᠣᠶᠢᠷ | ᠬᠦᠷᠬᠦ ᠶᠠᠪᠤᠳᠠᠯ ᠨᠢ ᠳᠠᠷᠤᠢ ᠢᠯᠡᠳᠲᠡ ᠪᠣᠯᠵᠤ᠂ ᠬᠥᠮᠥᠰ ᠨᠣᠶᠢᠷ ᠬᠦᠷᠬᠦ ᠳᠡᠭᠡᠨ ᠦᠳᠡ ᠪᠣᠯᠬᠤᠯᠠᠷ ᠠᠶᠠᠨᠳᠠᠭᠠᠨ | ᠤᠨᠲᠠᠨ ᠨᠣᠶᠢᠷᠰᠤᠳᠠᠭ ᠪᠠᠶᠢᠨ᠎ᠠ᠃ ᠬᠡᠷᠪᠡ ᠭᠠᠳᠠᠭᠠᠳᠤ ᠠᠴᠠ ᠪᠤᠯᠬᠤ ᠲᠠᠷᠢᠬᠢ ᠬᠥᠬᠡᠷᠡᠭᠦᠯᠬᠦ ᠰᠡᠳᠡᠯᠲᠡ ᠨᠢ | ᠨᠢᠭᠡᠮᠦᠰᠦᠨ ᠦᠭᠡᠢ ᠪᠣᠯᠴᠢᠬᠠᠪᠠᠯ ᠬᠥᠮᠥᠰ ᠤᠨ ᠨᠣᠶᠢᠷ ᠬᠦᠷᠬᠦ ᠨᠢ ᠤᠯᠠᠮ ᠢᠯᠡᠳᠲᠡ ᠪᠣᠯᠵᠤ᠂ ᠦᠳᠡ ᠶᠢᠨ ᠡᠮᠦᠨ᠎ᠡ | ᠦᠳᠡ ᠶᠢᠨ ᠬᠤᠶᠢᠨ᠎ᠠ ᠬᠤᠶᠠᠷ ᠤᠳᠠᠭ᠎ᠠ ᠤᠨᠲᠠᠬᠤ ᠠᠶᠢᠵᠠᠮ ᠨᠢ ᠨᠡᠩ ᠲᠣᠳᠣᠷᠬᠠᠢ ᠪᠤᠯᠳᠠᠭ᠃ ᠡᠶᠢᠮᠦ ᠪᠣᠯᠬᠤᠷ | ᠬᠥᠮᠥᠰ ᠦᠳᠡ ᠳᠡᠭᠡᠨ ᠡᠷᠬᠡᠪᠰᠢ ᠤᠨᠲᠠᠬᠤ ᠴᠢᠬᠤᠯᠠ ᠲᠠᠢ ᠪᠢᠯᠡ᠃ | ᠬᠤᠶᠠᠷ᠂ ᠦᠳᠡ ᠳᠤ ᠤᠨᠲᠠᠪᠠᠯ ᠬᠥᠮᠥᠨ ᠤᠯᠠᠮ ᠴᠤᠭ ᠰᠦᠯᠳᠡ ᠲᠠᠢ ᠪᠣᠯᠵᠤ ᠴᠢᠳᠠᠨ᠎ᠠ ᠦᠳᠡ ᠳᠤ ᠤᠨᠲᠠᠬᠤ | ᠨᠢ ᠠᠵᠢᠯ ᠤᠨ ᠦᠷ᠎ᠡ ᠪᠦᠳᠦᠮᠵᠢ ᠶᠢ ᠳᠡᠭᠡᠭᠰᠢᠯᠡᠬᠦᠯᠬᠦ ᠳᠤ ᠠᠰᠢᠭᠲᠠᠢ ᠪᠥᠭᠡᠳ ᠵᠢᠷᠦᠬᠡᠨ ᠳᠢᠳᠠᠮ ᠤᠨ ᠡᠪᠡᠳᠴᠢᠨ ᠢ | ᠰᠡᠷᠭᠡᠶᠢᠯᠡᠬᠦ ᠳᠤ ᠴᠤ ᠲᠤᠰᠠᠲᠠᠢ ᠪᠠᠶᠢᠳᠠᠭ᠃ ᠠᠨᠠᠭᠠᠬᠤ ᠤᠬᠠᠭᠠᠨ ᠤ ᠰᠤᠳᠤᠯᠤᠨ ᠠᠵᠢᠭᠯᠠᠭᠰᠠᠨ ᠪᠠᠶᠢᠳᠠᠯ ᠠᠴᠠ | ᠦᠵᠡᠪᠡᠯ᠂ ᠦᠳᠡ ᠳᠡᠭᠡᠨ 30 ᠮᠢᠨᠦ᠋ᠲ ᠤᠨᠲᠠᠵᠤ ᠪᠠᠶᠢᠪᠠᠯ᠂ ᠬᠥᠮᠥᠨ ᠤ ᠪᠡᠶ᠎ᠡ ᠮᠠᠬᠠᠪᠤᠳ ᠲᠠᠬᠢ ᠬᠤᠷᠮᠣᠨ ᠤ | ᠱᠦᠭᠦᠷᠡᠯᠲᠡ ᠨᠡᠩ ᠲᠡᠩᠴᠡᠭᠦᠷᠢᠲᠡᠢ ᠪᠣᠯᠵᠤ᠂ ᠵᠢᠷᠦᠬᠡᠨ ᠳᠢᠳᠠᠮ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠨᠢ | 30% ᠢᠶᠠᠷ ᠳᠣᠷᠣᠭᠰᠢᠯᠠᠨ᠎ᠠ᠃ ᠰᠤᠳᠤᠯᠤᠭᠴᠢᠳ ᠤᠨ ᠦᠵᠡᠬᠦ ᠪᠠᠷ᠂ ᠭᠠᠵᠠᠷ ᠤᠨ ᠳᠤᠮᠳᠠᠳᠤ ᠲᠠᠩᠭᠢᠰ ᠤᠨ | ᠣᠷᠣᠨ ᠳᠠᠬᠢ ᠡᠯ᠎ᠡ ᠤᠯᠤᠰ ᠤᠨ ᠬᠢᠨ ᠤ ᠵᠢᠷᠦᠬᠡᠨ ᠳᠢᠳᠠᠮ ᠤᠨ ᠡᠪᠡᠳᠴᠢᠨ ᠳᠤ ᠨᠡᠷᠪᠡᠭᠳᠡᠬᠦ ᠨᠤᠷᠮ᠎ᠠ ᠨᠢ ᠨᠡᠯᠢᠶᠡᠳ | ᠳᠣᠣᠷ᠎ᠠ ᠪᠠᠶᠢᠳᠠᠭ᠃ ᠡᠨᠡ ᠨᠢ ᠡᠨᠡᠬᠦ ᠣᠷᠣᠨ ᠤ ᠬᠢᠨ ᠤ ᠦᠳᠡ ᠳᠡᠭᠡᠨ ᠤᠨᠲᠠᠬᠤ ᠵᠠᠩᠰᠢᠯ ᠲᠠᠢ ᠪᠠᠶᠢᠬᠤ ᠯᠤᠭ᠎ᠠ | ᠬᠤᠯᠪᠤᠭ᠎ᠠ ᠲᠠᠢ᠃ ᠬᠤᠶᠢᠲᠤ ᠡᠸᠦ᠋ᠷᠦᠫᠡ ᠪᠣᠯᠣᠨ ᠬᠤᠶᠢᠲᠤ ᠠᠮᠧᠷᠢᠺᠠ ᠣᠷᠣᠨ ᠳᠠᠬᠢ ᠤᠯᠤᠰ ᠤᠨ ᠬᠢᠨ ᠪᠣᠯ | ᠵᠢᠷᠦᠬᠡᠨ ᠳᠢᠳᠠᠮ ᠤᠨ ᠡᠪᠡᠳᠴᠢᠨ ᠳᠤ ᠠᠮᠠᠷᠬᠠᠨ ᠨᠡᠷᠪᠡᠭᠳᠡᠵᠦ ᠪᠠᠶᠢᠳᠠᠭ᠃ ᠡᠭᠦᠨ ᠤ ᠬᠢᠨᠢ ᠨᠢᠭᠡ ᠰᠢᠯᠲᠠᠭᠠᠨ ᠭᠡᠪᠡᠯ | ᠳᠠᠷᠤᠢ ᠡᠨᠡᠬᠦ ᠣᠷᠣᠨ ᠤ ᠬᠢᠨ ᠦᠳᠡ ᠳᠡᠭᠡᠨ ᠤᠨᠲᠠᠬᠤ ᠵᠠᠩᠰᠢᠯ ᠦᠭᠡᠢ ᠪᠠᠶᠢᠬᠤ ᠶᠠᠪᠤᠳᠠᠯ ᠪᠣᠯᠣᠨ᠎ᠠ᠃ ᠶᠡᠷᠦ ᠨᠢ 4 | ᠴᠠᠭ ᠤᠨᠲᠠᠳᠠᠭ ᠦᠭᠡᠢ ᠨᠠᠰᠤᠨ ᠳᠤ ᠬᠦᠷᠦᠭᠰᠡᠳ ᠤᠨ ᠦᠬᠦᠯ ᠤᠨ ᠨᠤᠷᠮ᠎ᠠ ᠨᠢ ᠰᠥᠨᠢ ᠪᠦᠷᠢ 7 - 8 ᠴᠠᠭ | ᠤᠨᠲᠠᠳᠠᠭ ᠬᠥᠮᠥᠰ ᠤᠨ ᠬᠢ ᠠᠴᠠ 180% ᠢᠶᠠᠷ ᠥᠨᠳᠥᠷ ᠪᠠᠶᠢᠳᠠᠭ ᠶᠤᠮ᠃ ᠡᠨᠡᠬᠦ ᠶᠠᠪᠤᠳᠠᠯ ᠨᠢ᠂ ᠰᠥᠨᠢ ᠳᠡᠭᠡᠨ | ᠤᠨᠲᠠᠵᠤ ᠬᠠᠨᠤᠬᠤ ᠦᠭᠡᠢ ᠪᠣᠯ ᠦᠳᠡ ᠳᠡᠭᠡᠨ ᠳᠤᠲᠠᠭᠰᠠᠨ ᠨᠣᠶᠢᠷ ᠢᠶᠠᠨ ᠨᠥᠬᠦᠨ ᠤᠨᠲᠠᠵᠤ ᠪᠣᠯᠣᠨ᠎ᠠ᠂ ᠢᠩᠭᠢᠪᠡᠯ | ᠬᠥᠮᠥᠰ ᠤᠨ ᠤᠷᠳᠤ ᠨᠠᠰᠤᠯᠠᠵᠤ ᠤᠳᠠᠭᠠᠨ ᠵᠢᠷᠭᠠᠬᠤ ᠳᠤ ᠲᠤᠰᠠᠲᠠᠢ ᠭᠡᠰᠡᠨ ᠢ ᠬᠠᠷᠠᠭᠤᠯᠵᠤ ᠪᠠᠶᠢᠨ᠎ᠠ᠃ | ᠭᠤᠷᠪᠠ᠂ ᠶᠠᠭᠠᠬᠢᠪᠠᠯ ᠰᠠᠢᠢ ᠦᠳᠡ ᠳᠡᠭᠡᠨ ᠰᠠᠶᠢᠨ ᠤᠨᠲᠠᠵᠤ ᠴᠢᠳᠠᠬᠤ ᠪᠤᠢ︖ | 1. ᠦᠳᠡ ᠶᠢᠨ ᠬᠤᠭᠤᠯᠠ ᠳᠠᠭᠠᠨ ᠲᠣᠰᠣᠷᠬᠠᠭ ᠢᠳᠡᠭᠡᠨ ᠢ ᠦᠯᠦ ᠢᠳᠡᠨ᠂ ᠭᠡᠳᠡᠰᠦ ᠪᠠᠨ ᠴᠢᠨᠦᠷᠡᠲᠡᠯᠡ | ᠬᠤᠭᠤᠯᠠ ᠢᠳᠡᠬᠦ ᠠᠴᠠ ᠵᠠᠶᠢᠯᠠᠰᠬᠢᠨ᠎ᠡ᠃ ᠲᠣᠰᠣᠷᠬᠠᠭ ᠢᠳᠡᠭᠡᠨ ᠨᠢ ᠴᠢᠰᠤ ᠶᠢ ᠥᠳᠬᠡᠷᠡᠭᠦᠯᠦᠨ᠂ ᠰᠤᠳᠠᠯ ᠤᠨ | ᠡᠪᠡᠳᠴᠢᠨ ᠢ ᠬᠦᠨᠳᠦᠷᠡᠭᠦᠯᠵᠦ᠂ ᠬᠤᠳᠣᠭᠤᠳᠤᠨ ᠤ ᠰᠢᠩᠭᠡᠭᠡᠯᠲᠡ ᠶᠢᠨ ᠳᠠᠷᠤᠭᠠᠰᠤ ᠶᠢ ᠨᠡᠮᠡᠭᠳᠡᠭᠦᠯᠳᠡᠭ ᠶᠤᠮ᠃ | 2. ᠦᠳᠡ ᠶᠢᠨ ᠬᠤᠭᠤᠯᠠ ᠪᠠᠨ ᠢᠳᠡᠮᠡᠭᠴᠡ ᠤᠨᠲᠠᠵᠤ ᠪᠤᠯᠬᠤ ᠦᠭᠡᠢ᠃ ᠦᠳᠡ ᠶᠢᠨ ᠬᠤᠭᠤᠯᠠ | ᠢᠳᠡᠭᠰᠡᠨ ᠠᠴᠠ ᠪᠣᠯᠵᠤ᠂ ᠴᠢᠰᠤᠨ ᠳᠠᠷᠤᠯᠲᠠ ᠳᠣᠷᠣᠭᠰᠢᠯᠠᠨ᠂ ᠶᠡᠭᠡ ᠲᠠᠷᠢᠬᠢᠨ ᠤ ᠬᠦᠴᠢᠯᠳᠦᠷᠦ᠋ᠭᠴᠢ ᠶᠢᠨ ᠬᠠᠩᠭᠠᠯᠲᠠ | ᠪᠠ ᠰᠢᠮ᠎ᠡ ᠲᠡᠵᠢᠭᠡᠯ ᠤᠨ ᠬᠠᠩᠭᠠᠯᠲᠠ ᠢᠯᠡᠳᠲᠡ ᠲᠠᠲᠠᠭᠤᠷᠠᠵᠤ᠂ ᠶᠡᠭᠡ ᠲᠠᠷᠢᠬᠢᠨ ᠳᠤ ᠴᠢᠰᠤ ᠳᠤᠲᠠᠭᠳᠠᠬᠤ ᠪᠠᠶᠢᠳᠠᠯ | ᠢᠯᠡᠷᠡᠳᠡᠭ᠃ ᠡᠶᠢᠮᠦ ᠠᠴᠠ ᠦᠳᠡ ᠶᠢᠨ ᠬᠤᠭᠤᠯᠠᠨ ᠤ ᠳᠠᠷᠠᠭ᠎ᠠ ᠠᠷᠪᠠᠨ ᠬᠡᠳᠦᠨ ᠮᠢᠨᠦ᠋ᠲ ᠠᠮᠠᠷᠠᠰᠬᠢᠵᠦ ᠠᠪᠤᠭᠠᠳ | ᠰᠠᠢᠢ ᠤᠨᠲᠠᠬᠤ ᠬᠡᠷᠡᠭᠲᠡᠢ᠃ | 3. ᠤᠨᠲᠠᠬᠤ ᠳᠠᠭᠠᠨ ᠲᠣᠯᠣᠭᠠᠢ ᠥᠨᠳᠥᠷ ᠬᠥᠯ ᠳᠣᠣᠷ᠎ᠠ ᠪᠠᠶᠢᠬᠤ᠂ ᠪᠠᠷᠠᠭᠤᠨ ᠲᠠᠯ᠎ᠠ ᠪᠠᠷ ᠢᠶᠠᠨ ᠬᠠᠵᠠᠭᠤᠯᠳᠠᠨ | ᠭᠡᠪᠳᠡᠬᠦ ᠠᠷᠭ᠎ᠠ ᠶᠢ ᠠᠪᠬᠤ ᠬᠡᠷᠡᠭᠲᠡᠢ᠃ ᠢᠩᠭᠢᠵᠦ ᠤᠨᠲᠠᠪᠠᠯ ᠵᠢᠷᠦᠬᠡᠨ ᠳᠠᠷᠤᠯᠲᠠ ᠶᠢ ᠬᠥᠩᠭᠡᠷᠡᠭᠦᠯᠵᠦ | ᠬᠤᠷᠬᠢᠷᠠᠬᠤ ᠶᠢ ᠰᠡᠷᠭᠡᠶᠢᠯᠡᠵᠦ ᠴᠢᠳᠠᠨ᠎ᠠ᠃ ᠤᠨᠲᠠᠬᠤ ᠳᠠᠭᠠᠨ ᠰᠠᠭᠤᠵᠤ ᠤᠨᠲᠠᠬᠤ ᠪᠤᠶᠤ ᠠᠯᠪᠠᠨ ᠰᠢᠷᠡᠭᠡᠨ | ᠳᠡᠭᠡᠷ᠎ᠡ ᠪᠠᠨ ᠮᠥᠯᠬᠦᠵᠦ ᠤᠨᠲᠠᠪᠠᠯ᠂ ᠲᠣᠯᠣᠭᠠᠢ ᠳᠤ ᠴᠢᠰᠤ ᠲᠤᠲᠠᠭᠳᠠᠵᠤ᠂ ᠨᠣᠶᠢᠷ ᠠᠴᠠ ᠪᠠᠨ ᠰᠡᠷᠢᠭᠰᠡᠨ ᠤ ᠬᠤᠶᠢᠨ᠎ᠠ | ᠲᠣᠯᠣᠭᠠᠢ ᠡᠷᠭᠢᠵᠦ ᠨᠢᠳᠦ ᠡᠷᠢᠶᠡᠯᠵᠢᠨ ᠶᠠᠳᠠᠷᠠᠵᠤ ᠵᠦᠳᠡᠷᠡᠬᠦ ᠮᠡᠲᠦ ᠶᠢᠨ ᠠᠯᠢ ᠤᠯᠠᠨ ᠶᠡᠭᠡ ᠲᠠᠷᠢᠬᠢᠨ ᠳᠤ ᠴᠢᠰᠤ | ᠪᠠ ᠬᠦᠴᠢᠯᠳᠦᠷᠦ᠋ᠭᠴᠢ ᠳᠤᠲᠠᠭᠳᠠᠭᠰᠠᠨ ᠭᠡᠮ ᠪᠠᠶᠢᠳᠠᠯ ᠢᠯᠡᠷᠠᠬᠦ ᠶᠤᠮ᠃ ᠵᠠᠷᠢᠮ ᠬᠥᠮᠥᠨ ᠠᠯᠪᠠᠨ ᠰᠢᠷᠡᠭᠡᠨ | ᠳᠡᠭᠡᠷ᠎ᠡ ᠪᠠᠨ ᠭᠠᠷ ᠢᠶᠠᠨ ᠳᠡᠷᠡᠯᠡᠭᠡᠳ ᠮᠥᠯᠬᠦᠵᠦ ᠤᠨᠲᠠᠳᠠᠭ᠃ ᠢᠩᠭᠢᠵᠦ ᠤᠨᠲᠠᠪᠠᠯ ᠨᠢᠳᠦ ᠳᠠᠷᠤᠭᠳᠠᠵᠤ᠂ ᠡᠳᠦᠷ ᠤᠨ | ᠤᠳᠠᠭᠠᠨ ᠳᠤ ᠨᠢᠳᠦᠨ ᠤ ᠡᠪᠡᠳᠴᠢᠨ ᠳᠤ ᠠᠮᠠᠷᠬᠠᠨ ᠨᠡᠷᠪᠡᠭᠳᠡᠬᠦ ᠪᠣᠯᠣᠨ᠎ᠠ᠃ ᠲᠡᠭᠦᠨᠴᠢᠯᠡᠨ ᠢᠩᠭᠢᠵᠦ ᠤᠨᠲᠠᠬᠤ ᠨᠢ | ᠴᠡᠭᠡᠵᠢ ᠶᠢ ᠳᠠᠷᠤᠵᠤ ᠠᠮᠢᠰᠬᠤᠭ᠎ᠠ ᠶᠢ ᠰᠠᠭᠠᠲᠠᠭᠠᠨ᠂ ᠴᠢᠰᠤᠨ ᠤ ᠡᠷᠭᠢᠯᠲᠡ ᠪᠣᠯᠣᠨ ᠮᠡᠳᠡᠷᠡᠯ ᠤᠨ ᠳᠠᠮᠵᠢᠭᠤᠯᠭ᠎ᠠ ᠶᠢ | ᠨᠥᠯᠥᠭᠡᠯᠡᠬᠦ ᠲᠤᠯᠠ ᠬᠤᠶᠠᠷ ᠭᠠᠷ ᠮᠢᠨᠴᠦᠭᠦᠷᠡᠨ ᠵᠢᠮᠵᠢᠭᠢᠨᠡᠭᠰᠡᠨ ᠪᠠᠶᠢᠳᠠᠯ ᠢᠯᠡᠷᠡᠳᠡᠭ᠃ ᠦᠳᠡ ᠳᠤ ᠤᠨᠲᠠᠪᠠᠯ | ᠬᠥᠮᠥᠰ ᠳᠤᠲᠠᠭᠰᠠᠨ ᠨᠣᠶᠢᠷ ᠢᠶᠠᠨ ᠨᠥᠬᠦᠪᠦᠷᠢᠯᠡᠵᠦ᠂ ᠪᠡᠶ᠎ᠡ ᠪᠠᠨ ᠭᠦᠢᠴᠡᠳ ᠠᠮᠠᠷᠠᠭᠤᠯᠤᠨ᠂ ᠬᠦᠴᠦ ᠲᠠᠮᠢᠷ ᠢᠶᠠᠨ | ᠨᠡᠮᠡᠭᠳᠡᠭᠦᠯᠵᠦ᠂ ᠶᠠᠳᠠᠷᠠᠭ᠎ᠠ ᠪᠠᠨ ᠳᠠᠶᠢᠯᠤᠨ᠂ ᠦᠳᠡ ᠶᠢᠨ ᠬᠤᠶᠢᠨᠠᠬᠢ ᠠᠵᠢᠯ ᠤᠨ ᠦᠷ᠎ᠡ ᠪᠦᠳᠦᠮᠵᠢ ᠪᠠᠨ | ᠳᠡᠭᠡᠭᠰᠢᠯᠡᠬᠦᠯᠵᠦ ᠴᠢᠳᠠᠬᠤ ᠶᠤᠮ᠃ ᠭᠡᠪᠡᠴᠦ ᠤᠨᠲᠠᠬᠤ ᠳᠠᠭᠠᠨ ᠪᠠᠰᠠ ᠰᠢᠨᠵᠢᠯᠡᠬᠦ ᠤᠬᠠᠭᠠᠨᠴᠢ ᠠᠷᠭ᠎ᠠ ᠶᠢ ᠠᠪᠬᠤ | ᠬᠡᠷᠡᠭᠲᠡᠢ᠃ ᠳᠡᠶᠢᠮᠦ ᠪᠢᠰᠢ ᠪᠣᠯ ᠪᠡᠶ᠎ᠡ ᠪᠠᠨ ᠭᠡᠳᠡᠷᠬᠦ ᠪᠠᠨ ᠭᠡᠮᠲᠦᠭᠡᠨ ᠮᠠᠭᠤᠳᠠᠭᠤᠯᠵᠤ ᠮᠡᠳᠡᠨ᠎ᠡ᠃ |