︽ᠠᠮᠦᠷ — ᠪᠠᠶᠠᠰᠬᠤᠯᠠᠩ︾ ᠨᠠᠭᠠᠳᠤᠮ ᠤᠨ ᠣᠷᠣᠨ ᠤ ᠳᠡᠰ ᠤᠨ ᠪᠣᠳᠠᠰ ᠤᠨ ᠪᠤᠰᠤ ᠰᠣᠶᠣᠯ ᠤᠨ | ᠥᠪ ᠤᠨ ᠥᠪᠯᠡᠨ ᠤᠯᠠᠮᠵᠢᠯᠠᠭᠴᠢ ᠱᠢ᠊᠂ ᠰᠤᠳᠸᠠ | | ᠦᠵᠦᠮᠦᠴᠢᠨ ᠨᠤᠲᠤᠭ ᠤᠨ ᠡᠪᠦᠯ ᠰᠠᠭᠠᠭᠳᠠᠭᠰᠠᠨ 12 ᠳ᠋ᠣᠭᠠᠷ ᠰᠠᠷᠠᠶᠢᠨ ᠰᠢᠨᠡᠳ ᠢᠶᠠᠷ ᠪᠢ ᠪᠠᠷᠠᠭᠤᠨ | ᠦᠵᠦᠮᠦᠴᠢᠨ ᠬᠤᠰᠢᠭᠤᠨ ᠤ ᠮᠤᠩᠭᠤᠯ ᠦᠨᠳᠦᠰᠦᠲᠡᠨ ᠤ ᠨᠢᠭᠡᠳᠦᠭᠡᠷ ᠪᠠᠭ᠎ᠠ ᠰᠤᠷᠭᠠᠭᠤᠯᠢ ᠠᠴᠠ ᠠᠵᠢᠯ ᠤᠨ | ᠠᠮᠠᠷᠠᠯᠲᠠ ᠪᠠᠨ ᠠᠪᠤᠭᠰᠠᠨ ᠠᠬᠠᠮᠠᠳ ᠪᠠᠭᠰᠢ᠂ ︽ᠠᠮᠦᠷ — ᠪᠠᠶᠠᠰᠬᠤᠯᠠᠩ︾ ᠨᠠᠭᠠᠳᠤᠮ ᠤᠨ ᠣᠷᠣᠨ ᠤ ᠳᠡᠰ ᠤᠨ | ᠪᠣᠳᠠᠰ ᠤᠨ ᠪᠤᠰᠤ ᠰᠣᠶᠣᠯ ᠤᠨ ᠥᠪ ᠤᠨ ᠥᠪᠯᠡᠨ ᠤᠯᠠᠮᠵᠢᠯᠠᠭᠴᠢ ᠱᠢ᠊᠂ ᠰᠤᠳᠸᠠ ᠶᠢ ᠰᠤᠷᠪᠤᠯᠵᠢᠯᠠᠵᠤ ᠪᠢᠯᠡ᠃ | | ᠱᠢ᠊᠂ ᠰᠤᠳᠸᠠ ᠪᠠᠭᠰᠢ ᠪᠣᠯ 40 ᠭᠠᠷᠤᠢ ᠵᠢᠯ ᠰᠤᠷᠭᠠᠨ ᠬᠦᠮᠦᠵᠢᠯ ᠤᠨ ᠵᠢᠭᠠᠨ ᠰᠤᠷᠭᠠᠬᠤ ᠠᠵᠢᠯ ᠳᠤ | ᠰᠢᠷᠭᠠᠭᠤ ᠬᠠᠲᠠᠭᠤᠵᠢᠯᠲᠠᠢ ᠠᠵᠢᠯᠯᠠᠵᠤ ᠢᠷᠡᠭᠰᠡᠨ ᠠᠬᠠᠮᠠᠳ ᠪᠠᠭᠰᠢ ᠶᠢᠨ ᠨᠢᠭᠡ ᠶᠤᠮ᠃ ᠲᠡᠷᠡ ᠠᠵᠢᠯ ᠤᠨ | ᠠᠮᠠᠷᠠᠯᠲᠠ ᠪᠠᠨ ᠠᠪᠤᠭᠠᠳ ᠠᠮᠤᠷ ᠵᠢᠮᠤᠷ᠂ ᠵᠦᠭᠡᠷ ᠰᠠᠭᠤᠭᠰᠠᠨ ᠦᠭᠡᠢ᠂ ᠬᠠᠷᠢᠨ ︽ᠵᠦᠭᠡᠷ ᠰᠠᠭᠤᠬᠤ ᠪᠠᠷ | ᠵᠦᠯᠬᠦᠵᠦ ᠰᠠᠭᠤ︾ ᠬᠡᠳᠡᠭ ᠢᠶᠠᠷ ᠮᠠᠷᠳᠠᠭᠳᠠᠵᠤ ᠣᠰᠠᠳᠣᠮᠠᠷ ᠪᠣᠯᠤᠭᠰᠠᠨ ᠡᠷᠳᠡᠨ ᠤ ᠤᠯᠠᠮᠵᠢᠯᠠᠯᠲᠤ ᠮᠤᠩᠭᠤᠯ | ᠨᠠᠭᠠᠳᠤᠮ ︽ᠠᠮᠤᠷ — ᠪᠠᠶᠠᠰᠬᠤᠯᠠᠩ︾ ᠢ ᠳᠠᠬᠢᠨ ᠰᠡᠷᠭᠦᠭᠡᠨ ᠬᠥᠮᠥᠨ ᠠᠷᠠᠳ ᠲᠠᠭᠠᠨ ᠲᠠᠨᠢᠭᠤᠯᠵᠤ ᠮᠡᠳᠡᠭᠦᠯᠬᠦ | ᠪᠠᠷ ᠴᠢᠷᠮᠠᠶᠢᠨ ᠠᠵᠢᠯᠯᠠᠭᠰᠠᠭᠠᠷ ᠢᠷᠡᠵᠠᠢ᠃ ᠡᠨᠡᠬᠦ ︽ᠠᠮᠤᠷ — ᠪᠠᠶᠠᠰᠬᠤᠯᠠᠩ︾ ᠨᠠᠭᠠᠳᠤᠮ ᠨᠢ ᠡᠷᠲᠡᠨ ᠤ | ᠦᠶ᠎ᠡ ᠠᠴᠠ ᠮᠤᠩᠭᠤᠯ ᠨᠤᠲᠤᠭ ᠲᠤ ᠥᠷᠭᠡᠨ ᠳᠡᠯᠭᠡᠷ ᠨᠠᠭᠠᠳᠤᠭᠳᠠᠵᠤ ᠪᠠᠶᠢᠭᠰᠠᠨ᠂ ᠬᠡᠪᠡᠴᠤ ᠣᠨ ᠵᠢᠯ ᠤᠨ | ᠤᠯᠠᠷᠢᠬᠤ ᠶᠢ ᠳᠠᠭᠠᠯᠳᠤᠨ᠂ ᠮᠠᠷᠳᠠᠭᠳᠠᠬᠤ ᠰᠢᠬᠠᠭᠰᠠᠨ ᠪᠠᠶᠢᠪᠠ᠃ ᠱᠢ᠊᠂ ᠰᠤᠳᠸᠠ ᠪᠠᠭᠰᠢ ᠶᠢᠨ ᠤᠳᠠᠭᠠᠨ ᠵᠢᠯ | ᠦᠪᠯᠡᠨ ᠬᠠᠳᠠᠭᠠᠯᠠᠭᠰᠠᠨ ︽ᠠᠮᠤᠷ — ᠪᠠᠶᠠᠰᠬᠤᠯᠠᠩ︾ ᠨᠠᠭᠠᠳᠤᠮ ᠨᠢ ᠤᠯᠠᠮᠵᠢᠯᠠᠨ ᠵᠢᠭᠠᠬᠤ ᠳᠤ ᠲᠥᠭᠦᠮ | ᠦᠵᠡᠬᠦᠯᠵᠦ᠂ ᠤᠯᠠᠮᠵᠢᠯᠠᠯᠳᠤ ᠴᠢᠬᠤᠯᠠ ᠪᠣᠷᠣ ᠮᠠᠲ᠋ᠧᠷᠢᠶᠠᠯ ᠤᠨ ᠨᠢᠭᠡᠨ ᠪᠣᠯᠵᠤ᠂ ᠲᠣᠰ ᠨᠠᠭᠠᠳᠤᠮ ᠢ ᠳᠠᠬᠢᠨ | ᠰᠡᠷᠭᠦᠭᠡᠬᠦ ᠳᠤ ᠦᠨᠡᠲᠦ ᠰᠤᠳᠤᠯᠭᠠᠨ ᠤ ᠪᠠᠭᠠᠵᠢ ᠪᠣᠯᠵᠠᠢ᠃ | ᠱᠢ᠊᠂ ᠰᠤᠳᠸᠠ ᠪᠠᠭᠰᠢ ᠵᠢᠷᠭᠤᠭᠠᠨ ᠨᠠᠰᠤᠨ ᠠᠴᠠ ᠪᠠᠨ ︽ᠠᠮᠤᠷ — ᠪᠠᠶᠠᠰᠬᠤᠯᠠᠩ︾ ᠨᠠᠭᠠᠳᠤᠮ ᠢ ᠠᠪᠤ ᠡᠵᠢ | ᠠᠬ᠎ᠠ ᠨᠠᠷ ᠠᠴᠠ ᠪᠠᠨ ᠰᠤᠷᠴᠤ ᠨᠠᠭᠠᠳᠴᠤ ᠴᠢᠳᠠᠬᠤ ᠪᠣᠯᠣᠭᠰᠠᠨ ᠮᠦᠷᠳᠡᠭᠡᠨ ᠰᠡᠭᠦᠯᠡᠷ ᠨᠢ ᠲᠡᠭᠦᠦᠨᠠᠷ ᠬᠡᠤᠭᠡᠳ | ᠠᠶᠢᠯ ᠰᠠᠭᠠᠬᠠᠯᠳᠠ ᠬᠤᠳᠠ ᠤᠰᠤᠨ ᠤ ᠬᠢᠨ ᠳᠤ ᠪᠠᠨ ᠥᠷᠭᠦᠯᠵᠢ ᠤᠯᠠᠮᠵᠢᠯᠠᠨ ᠵᠢᠭᠠᠵᠤ ᠶᠠᠪᠤᠵᠠᠢ᠃ | ᠲᠡᠷᠡ 2000 ᠣᠨ ᠠᠴᠠ ᠡᠬᠢᠯᠡᠨ ᠬᠤᠰᠢᠭᠤ ᠠᠶᠢᠮᠠᠭ ᠣᠷᠣᠨ ᠤ ᠳᠣᠲᠣᠨ᠎ᠠ ᠭᠠᠳᠠᠨ᠎ᠠ ᠠᠵᠢᠯ ᠤᠨ | ᠴᠢᠯᠦᠭᠡ ᠵᠠᠪ ᠢ ᠠᠰᠢᠭᠯᠠᠨ ᠤᠯᠠᠨ ᠭᠠᠵᠠᠷ ᠢᠶᠠᠷ ᠠᠰᠠᠭᠤᠨ ᠰᠤᠷᠪᠤᠯᠵᠢᠯᠠᠵᠤ᠂ ᠲᠤᠰ ᠨᠠᠭᠠᠳᠤᠮ ᠤᠨ ᠨᠡᠷᠡᠶᠢᠳᠦᠯ | ᠪᠣᠯᠣᠨ ᠲᠥᠷᠥᠯ ᠵᠦᠢᠯ ᠢ ᠠᠰᠠᠭᠤᠨ ᠣᠶᠢᠯᠠᠭᠠᠵᠤ᠂ ᠪᠣᠷᠣ ᠮᠠᠲ᠋ᠧᠷᠢᠶᠠᠯ ᠴᠤᠭᠯᠠᠭᠤᠯᠵᠤ ᠡᠮᠬᠢᠳᠭᠡᠨ ᠳᠢᠭᠯᠡᠵᠦ᠂ | ᠣᠶᠢᠯᠠᠭᠠᠭᠰᠠᠨ ᠢᠶᠠᠷ ᠮᠤᠩᠭᠤᠯ ᠤᠯᠤᠰ ᠲᠤ ᠪᠣᠯ ︽ᠬᠤᠷᠤᠯᠤ︾ ᠵᠠᠷᠢᠮ ᠭᠠᠵᠠᠷ ᠣᠷᠣᠨ ᠳᠤ ︽ᠴᠢᠨᠳᠠᠮᠤᠨᠢ ᠨᠣᠷᠪᠤ | ᠬᠡᠬᠦ ᠨᠡᠷᠡᠶᠢᠳᠦᠯ ᠢᠶᠠᠷ ᠳᠠᠭᠤᠳᠠᠭᠳᠠᠵᠤ ᠪᠠᠰᠠ ᠨᠠᠭᠠᠳᠤᠮ ᠤᠨ ᠲᠥᠷᠥᠯ ᠵᠦᠢᠯ ᠪᠠ ᠲᠤᠭ᠎ᠠ ᠶᠢᠨ ᠲᠠᠯ᠎ᠠ ᠪᠠᠷ ᠴᠤ | ᠠᠳᠠᠯᠢ ᠪᠤᠰᠤ ᠪᠥᠭᠡᠳ ᠨᠠᠭᠠᠳᠬᠤ ᠠᠷᠭ᠎ᠠ ᠪᠠᠷᠢᠯ ᠤᠨ ᠲᠠᠯ᠎ᠠ ᠪᠠᠷ ᠴᠤ ᠠᠳᠠᠯᠢ ᠦᠭᠡᠢ ᠪᠠᠶᠢᠬᠰᠠᠨ ᠢ ᠤᠶᠢᠯᠠᠭᠠᠵᠤ᠂ | ᠭᠡᠷ ᠪᠠᠷᠢᠵᠤ ᠨᠠᠭᠠᠳᠤᠳᠠᠭ ᠨᠡᠶᠢᠳᠡᠯᠢᠭ ᠤᠨᠴᠠᠯᠢᠭ ᠢᠶᠠᠷ ᠭᠤᠤᠯᠳᠠᠯᠭ᠎ᠠ ᠪᠤᠯᠭᠠᠨ ᠰᠤᠳᠤᠯᠭᠠᠨ ᠢᠶᠠᠨ ᠬᠢᠭᠰᠡᠨ ᠪᠠᠶᠢᠨ᠎ᠠ᠃ | ᠲᠡᠷᠡ ᠡᠨᠡᠬᠦ ᠤᠯᠠᠮᠵᠢᠯᠠᠯᠳᠤ ᠨᠠᠭᠠᠳᠤᠮ ᠢ ᠰᠤᠳᠤᠯᠤᠨ ᠰᠢᠨᠵᠢᠯᠡᠵᠥ ᠳᠡᠯᠭᠡᠷᠡᠭᠦᠯᠬᠦ ᠶᠠᠪᠤᠴᠠ ᠳᠤ ᠦᠰᠦᠭ ᠪᠢᠴᠢᠭ | ᠢᠶᠠᠷ ᠲᠡᠮᠳᠡᠭᠯᠡᠨ ᠤᠨᠤᠯ ᠥᠢᠯᠡᠳᠥᠯᠭᠡ ᠶᠢ ᠤᠶᠠᠯᠳᠤᠭᠤᠯᠵᠤ᠂ 10 ᠭᠠᠷᠤᠢ ᠵᠢᠯ ᠤᠨ ᠴᠠᠭ ᠬᠤᠭᠤᠴᠠᠭ᠎ᠠ ᠶᠢ | ᠬᠡᠷᠡᠭᠰᠡᠵᠦ᠂ ᠭᠤᠷᠪᠠᠨ ᠲᠦᠮᠡ ᠭᠠᠷᠤᠢ ᠦᠰᠦᠭ ᠲᠠᠢ ︽ᠠᠮᠤᠷ — ᠪᠠᠶᠠᠰᠬᠤᠯᠠᠩ︾ ᠨᠠᠭᠠᠳᠤᠮ ᠤᠨ ᠲᠡᠤᠬᠡᠨ | ᠶᠠᠪᠤᠴᠠ᠂ ᠨᠠᠭᠠᠳᠬᠤ ᠠᠷᠭ᠎ᠠ ᠪᠠ ᠨᠠᠭᠠᠳᠤᠮ ᠤᠨ ᠳᠦᠷᠢᠮ ᠭᠤᠷᠢᠮ ᠵᠢᠴᠢ ᠵᠠᠩ ᠵᠠᠩᠰᠢᠯ ᠵᠡᠷᠭᠡ ᠨᠠᠷᠢᠨ ᠠᠭᠤᠯᠭ᠎ᠠ | ᠶᠢ ᠬᠠᠮᠤᠷᠠᠬᠰᠠᠨ ᠮᠤᠩᠭᠤᠯ ᠨᠠᠭᠠᠳᠤᠮ ︽ᠠᠮᠤᠷ — ᠪᠠᠶᠠᠰᠬᠤᠯᠠᠩ︾ ᠭᠡᠬᠦ ᠤᠯᠤᠰ ᠤᠨ ᠵᠢᠩᠬᠢᠨᠢ ᠳ᠋ᠤᠭᠠᠷ ᠲᠠᠢ | ᠨᠤᠮ ᠢ ᠪᠢᠴᠢᠵᠥ᠂ 2014 ᠤᠨ ᠳᠤ ᠤᠡᠭᠰᠢᠬᠴᠢᠳ ᠤᠨ ᠭᠠᠷ ᠲᠤ ᠬᠥᠷᠭᠡᠨ ᠪᠠᠷᠠᠭᠤᠨ ᠥᠵᠥᠮᠥᠴᠢᠨ | ᠬᠤᠰᠢᠭᠤᠨ ᠤ ᠤᠯᠤᠰ ᠲᠥᠷᠥ ᠰᠤᠶᠤᠯ ᠲᠡᠤᠭᠡ ᠶᠢᠨ ᠴᠤᠪᠤᠷᠠᠯ ᠡᠮᠭᠢᠳᠭᠡᠯ ᠨᠤᠮ ᠤᠨ ᠬᠤᠷᠢᠨ ᠭᠤᠷᠪᠠᠳᠤᠭᠠᠷ ᠨᠢ | ᠪᠤᠯᠭᠠᠵᠤ ᠤᠷᠤᠭᠤᠯᠵᠠᠢ᠃ | ᠲᠤᠰ ᠯᠤᠤ᠂ ᠭᠠᠷᠤᠳᠢ᠂ ᠠᠷᠰᠯᠠᠨ᠂ ᠪᠠᠷᠰ ᠵᠡᠷᠭᠡ ᠲᠥᠷᠪᠡᠨ ᠬᠥᠴᠥᠳᠡᠨ ᠲᠠᠢ ᠤᠯᠠᠮᠵᠢᠯᠠᠯᠳᠤ ︽ᠠᠮᠤᠷ — | ᠪᠠᠶᠠᠰᠬᠤᠯᠠᠩ ︾ ᠨᠠᠭᠠᠳᠤᠮ ᠢ ᠳᠠᠬᠢᠨ ᠰᠡᠷᠭᠦᠭᠡᠨ ᠥᠪᠯᠡᠨ ᠤᠯᠠᠮᠵᠢᠯᠠᠬᠤ ᠠᠵᠢᠯ ᠢ ᠥᠪᠡᠷ ᠤᠨ ᠪᠡᠶ᠎ᠡ ᠪᠠᠷ ᠭᠠᠷᠳᠠᠨ | ᠬᠠᠷᠢᠭᠤᠴᠠᠵᠤ᠂ ᠬᠤᠰᠢᠭᠤ ᠬᠡᠪᠴᠢᠶᠡᠨ ᠤ ᠰᠤᠷᠭᠠᠭᠠᠤᠯᠢ ᠶᠢᠨ ᠬᠦᠷᠢᠶᠡᠨ ᠤ ᠲᠤᠷ᠎ᠠ ᠰᠤᠨᠢᠷᠬᠠᠯᠳᠤ ᠬᠢᠴᠢᠶᠡᠯᠯᠡᠭᠡ ᠳᠤ | ᠣᠷᠣᠭᠤᠯᠵᠤ᠂ ᠬᠡᠤᠬᠡᠳ ᠪᠠᠭᠠᠴᠤᠳ ᠲᠤ ᠵᠢᠭᠠᠨ ᠰᠤᠷᠭᠠᠬᠤ ᠠᠵᠢᠯ ᠢ ᠥᠷᠨᠢᠭᠦᠯᠪᠡ᠃ ᠡᠭᠦᠨ ᠤ ᠳᠠᠭᠠᠤ ᠪᠥᠬᠦ | ᠬᠤᠰᠢᠭᠤᠨ ᠤ ᠰᠤᠮᠤ ᠪᠠᠯᠭᠠᠰᠤᠨ ᠳᠤ ᠭᠠᠴᠠᠭ᠎ᠠ ᠨᠢᠭᠡᠴᠢ ᠨᠡᠶᠢᠭᠡᠮ ᠲᠣᠭᠤᠷᠢᠭ ᠲᠤ ᠸᠢᠴᠠᠲ ᠬᠤᠯᠪᠣᠭ᠎ᠠ ᠪᠠᠶᠢᠭᠤᠯᠵᠤ | ᠂ ᠲᠤᠰ ᠨᠠᠭᠠᠳᠤᠮ ᠢ ᠤᠯᠠᠮᠵᠢᠯᠠᠨ ᠵᠢᠭᠠᠬᠤ ᠠᠵᠢᠯᠯᠠᠭ᠎ᠠ ᠶᠢ ᠪᠥᠬᠦ ᠲᠠᠯ᠎ᠠ ᠪᠠᠷ ᠶᠠᠪᠤᠭᠳᠠᠭᠤᠯᠤᠭᠰᠠᠨ ᠪᠠᠶᠢᠳᠠᠭ᠃ ᠡᠨᠡᠬᠦ | ᠠᠰᠢᠬᠳᠠᠢ ᠲᠤᠬᠢᠶᠠᠯ ᠢᠶᠠᠷ ᠲᠡᠷᠡ ᠪᠠᠰᠠ ᠬᠤᠰᠢᠭᠤᠨ ᠤ ᠪᠠᠨ ᠮᠤᠩᠭᠤᠯ ᠭᠡᠷ ᠬᠢᠬᠦ ᠥᠢᠯᠡᠳᠪᠥᠷᠢ ᠶᠢᠨ ᠡᠵᠡᠨᠳᠡᠨ | ᠰᠤᠶᠤᠯᠳᠤ ᠲᠠᠢ ᠬᠥᠴᠥ ᠤᠬᠠᠭᠠᠨ ᠬᠠᠮᠵᠢᠯᠴᠠᠨ ᠥᠨ᠎ᠡ ᠬᠠᠩᠰᠢ ᠪᠠᠷ ᠬᠢᠮᠳᠠ ᠮᠦᠷᠳᠡᠭᠡᠨ ᠪᠥᠭᠡᠮ ᠢᠶᠠᠷ ︽ᠠᠮᠤᠷ | — ᠪᠠᠶᠠᠰᠬᠤᠯᠠᠩ︾ ᠤᠨ ᠰᠡᠶᠢᠯᠥᠮᠡᠯ ᠢ ᠥᠢᠯᠡᠳᠪᠥᠷᠢᠯᠡᠨ ᠵᠠᠬ᠎ᠠ ᠲᠡᠯᠭᠡᠭᠦᠷ ᠲᠤ ᠭᠠᠷᠭᠠᠨ᠂ ᠬᠡᠷᠡᠭᠯᠡᠭᠴᠢᠳ ᠤᠨ | ᠱᠠᠭᠠᠷᠳᠠᠯᠭ᠎ᠠ ᠶᠢ ᠬᠥᠢᠴᠡᠳᠭᠡᠵᠥ ᠬᠥᠮᠥᠨ ᠪᠤᠯᠭᠠᠨ ᠨᠠᠭᠠᠳᠬᠤ ᠳᠤ ᠰᠠᠶᠢᠨ ᠰᠠᠶᠢᠬᠠᠨ ᠤᠷᠴᠢᠨ ᠲᠤᠭᠤᠷᠢᠨ ᠲᠠᠢ | ᠪᠤᠯᠭᠠᠬᠰᠠᠨ ᠮᠥᠷᠳᠡᠭᠡᠨ ᠨᠠᠭᠠᠳᠤᠮ ᠤᠨ ᠰᠡᠶᠢᠯᠥᠮᠡᠯ ᠢᠶᠠᠨ ᠲᠠᠭᠠᠯᠳᠤᠭᠤᠯᠤᠬᠰᠠᠨ ᠲᠤᠰᠬᠠᠢ ᠵᠢᠷᠤᠭ ᠰᠡᠭᠦᠳᠡᠷ ᠲᠠᠢ | ᠲᠠᠶᠢᠯᠪᠤᠷᠢ ᠨᠤᠮ ᠵᠢᠵᠢᠭ ᠲᠤᠪᠬᠢᠮᠠᠯ ᠢ ᠨᠡᠶᠢᠷᠡᠭᠤᠯᠤᠨ ᠪᠢᠴᠢᠭᠰᠡᠨ ᠢᠶᠠᠷ ᠥᠪᠡᠷᠳᠡᠭᠡᠨ ᠰᠤᠷᠬᠤ ᠳᠤ ᠴᠦ ᠤᠯᠠᠮ | ᠲᠥᠭᠦᠮ ᠪᠤᠯᠤᠬᠰᠠᠨ ᠪᠠᠶᠢᠳᠠᠭ ᠃ | ᠱᠢ᠊᠂ ᠰᠤᠳᠸᠠ ᠪᠠᠭᠰᠢ ︽ᠠᠮᠤᠷ — ᠪᠠᠶᠠᠰᠬᠤᠯᠠᠩ︾ ᠨᠠᠭᠠᠳᠤᠮ ᠢ ᠤᠯᠠᠮᠵᠢᠯᠠᠨ ᠲᠡᠯᠭᠡᠷᠡᠭᠦᠯᠵᠥ᠂ ᠰᠤᠳᠤᠯᠵᠤ | ᠰᠤᠷᠬᠤ ᠶᠠᠪᠤᠴᠠ ᠳᠤ ᠪᠠᠨ ᠤᠤᠯ ᠤᠨ ᠤᠯᠠᠮᠵᠢᠯᠠᠯᠳᠤ ᠰᠠᠭᠤᠷᠢᠨ ᠲᠡᠭᠡᠷ᠎ᠡ ᠪᠠᠨ ᠤᠯᠠᠮ ᠨᠢᠭᠡ ᠠᠯᠬᠤᠮ ᠬᠥᠭᠵᠢᠬᠦᠯᠬᠦ | ᠶᠢ ᠰᠠᠨᠠᠭᠠᠴᠢᠯᠠᠵᠤ᠂ ᠭᠡᠷ ᠪᠠᠷᠢᠵᠥ ᠨᠠᠭᠠᠳᠤᠳᠠᠭ ᠨᠡᠶᠢᠳᠡᠯᠢᠭ ᠤᠨᠴᠠᠯᠢᠭ ᠠᠴᠠ ᠪᠠᠨ ᠡᠭᠦᠰᠴᠥ᠂ ᠬᠤᠪᠢ | ᠨᠣᠭᠳᠠᠭᠤᠯᠬᠤ ᠬᠡᠯᠪᠡᠷᠢ ᠪᠠᠷ ᠨᠠᠭᠠᠳᠬᠤ᠂ ᠬᠡᠶᠢᠮᠦᠷᠢ ᠦᠵᠡᠬᠦ ᠬᠡᠯᠪᠡᠷᠢ ᠪᠠᠷ ᠨᠠᠭᠠᠳᠬᠤ ᠨᠢᠭᠡ ᠲᠠᠯᠠᠪᠠᠢ ᠳᠤ ᠤᠯᠠᠨ | ᠬᠥᠮᠥᠨ ᠨᠠᠭᠠᠳᠬᠤ ᠵᠡᠷᠭᠡ ᠰᠢᠨ᠎ᠡ ᠰᠢᠨ᠎ᠡ ᠨᠠᠭᠠᠳᠬᠤ ᠲᠥᠷᠥᠯ ᠵᠥᠢᠯ ᠢ ᠡᠭᠦᠳᠥᠨ ᠭᠠᠷᠭᠠᠵᠤ᠂ ᠡᠳᠡᠭᠡᠷ ᠲᠥᠷᠥᠯ | ᠵᠥᠢᠯ ᠳᠤ ᠪᠠᠨ ᠬᠢᠷᠢ ᠪᠥᠳᠥᠮᠵᠢ ᠵᠢᠴᠢ ᠨᠠᠷᠢᠨ ᠠᠭᠤᠯᠭ᠎ᠠ ᠶᠢ ᠨᠢ ᠪᠥᠷᠢᠳᠭᠡᠨ ᠲᠡᠮᠳᠡᠭᠯᠡᠬᠦ ᠲᠤᠰᠬᠠᠢ ᠪᠠᠷᠢᠮᠵᠢᠶᠠᠳᠤ | ᠬᠥᠰᠥᠨᠥᠭ ᠢ ᠵᠤᠬᠢᠶᠠᠬᠰᠠᠨ ᠢᠶᠠᠷ ᠤᠳᠤ ᠡᠨᠡᠬᠦ ᠬᠥᠰᠥᠨᠥᠭ ᠢ ᠨᠡᠶᠢᠳᠡᠮ ᠭᠡᠷᠡᠭᠯᠡᠬᠦ ᠪᠤᠯᠵᠤ ᠪᠤᠢ᠃ ᠡᠭᠦᠨ ᠤ ᠲᠠᠭᠠᠤ | ᠲᠡᠷᠡ ᠪᠠᠰᠠ ᠤᠷᠠᠯᠢᠭ ᠰᠤᠳᠤᠯᠭᠠᠨ ᠢ ᠤᠶᠠᠯᠳᠤᠭᠤᠯᠵᠤ᠂ ︽ᠠᠮᠤᠷ — ᠪᠠᠶᠠᠰᠬᠤᠯᠠᠩ︾ ᠤᠨ ᠲᠠᠭᠤᠤ᠂ ︽ᠠᠮᠤᠷ | — ᠪᠠᠶᠠᠰᠬᠤᠯᠠᠩ︾ ᠤᠨ ᠬᠤᠯᠪᠤᠭ᠎ᠠ ᠶᠢ ᠥᠪᠡᠷ ᠢᠶᠠᠨ ᠵᠤᠬᠢᠶᠠᠨ ᠪᠥᠳᠥᠭᠡᠵᠥ ᠨᠡᠶᠢᠭᠡᠮ ᠨᠡᠶᠢᠳᠡ ᠳᠤ ᠮᠠᠰᠢ ᠥᠨ᠎ᠡ | ᠥᠷᠳᠡᠭ ᠲᠠᠢ ᠠᠵᠢᠯ ᠤᠳ ᠢ ᠬᠢᠵᠥ ᠪᠠᠶᠢᠨ᠎ᠠ᠃ | 2016 ᠤᠨ ᠠᠴᠠ ᠨᠠᠰᠢ ︽ᠠᠮᠤᠷ — ᠪᠠᠶᠠᠰᠬᠤᠯᠠᠩ︾ ᠤᠨ ᠲᠤᠰᠬᠠᠢ ᠥᠷᠭᠦᠭᠡ᠂ ᠲᠤᠰᠬᠠᠢ ᠲᠠᠯᠠᠪᠤᠷ ᠲᠠᠢ | ᠪᠤᠯᠭᠠᠬᠰᠠᠨ ᠠᠴᠠ ᠵᠢᠯ ᠪᠥᠷᠢ ᠶᠢᠨ ᠪᠤᠯᠪᠠᠰᠤᠷᠠᠯ ᠰᠤᠷᠢᠶ᠎ᠠ ᠬᠥᠷᠳᠡᠭᠰᠡᠳ 3 ᠮᠢᠩᠭ᠎ᠠ ᠠᠴᠠ 5 ᠮᠢᠩᠭᠠᠨ ᠬᠥᠮᠥᠨ | ᠤᠳᠠᠭ᠎ᠠ ᠳᠤ ᠬᠥᠷᠴᠥ ᠪᠠᠶᠢᠳᠠᠭ᠃ ᠲᠡᠷᠡ ᠤᠷᠴᠢᠮ ᠤᠨ ᠵᠢᠯ ᠤᠳ ᠠᠴᠠ ᠱᠠᠪᠢ ᠬᠥᠮᠥᠵᠢᠭᠦᠯᠬᠦ ᠠᠵᠢᠯ ᠢ | ᠴᠢᠩᠭᠠᠳᠬᠠᠵᠤ ᠤᠳᠤ ᠠᠷᠪᠠᠭᠠᠳ ᠭᠠᠷ ᠤᠨ ᠱᠠᠪᠢ ᠪᠠᠨ ᠭᠤᠤᠯᠳᠠᠯᠭ᠎ᠠ ᠲᠠᠢ ᠬᠥᠮᠥᠵᠢᠭᠦᠯᠵᠥ ᠪᠥᠭᠦᠳᠡᠭᠡᠷ ᠢᠶᠠᠨ | ᠪᠡᠶ᠎ᠡ ᠪᠠᠨ ᠲᠠᠭᠠᠭᠠᠵᠤ ᠤᠯᠠᠮᠵᠢᠯᠠᠬᠤ ᠠᠵᠢᠯ ᠤᠳ ᠢ ᠪᠥᠷᠢᠨ ᠬᠢᠵᠥ ᠴᠢᠳᠠᠬᠤ ᠪᠤᠯᠵᠠᠢ᠃ ᠡᠳᠡᠭᠡᠷ ᠱᠠᠪᠢ ᠨᠠᠷ ᠠᠴᠠ | ᠬᠤᠶᠠᠷ ᠨᠢ ᠬᠤᠰᠢᠭᠤ ᠲᠡᠰ ᠤᠨ ᠤᠯᠠᠮᠵᠢᠯᠠᠬᠴᠢ ᠪᠤᠯᠪᠠ᠃ 2020 ᠤᠨ ᠳᠤ ᠬᠤᠰᠢᠭᠤᠨ ᠰᠤᠶᠤᠯ ᠤᠨ ᠤᠷᠳᠤᠨ | ᠠᠴᠠ ᠤᠯᠭᠤᠬᠰᠠᠨ ︽ᠪᠤᠳᠠᠰ ᠤᠨ ᠪᠤᠰᠤ ᠰᠤᠶᠤᠯ ᠤᠨ ᠥᠪ ᠢ ᠤᠯᠠᠮᠵᠢᠯᠠᠨ ᠲᠡᠯᠭᠡᠷᠡᠭᠦᠯᠬᠦ ᠥᠷᠭᠦᠭᠡ︾ ᠶᠢᠨ | ᠫᠠᠶᠢᠰᠠ ᠢᠯᠡᠷᠭᠡᠶᠢᠯᠡᠯ ᠲᠠᠢ ᠪᠤᠯᠤᠬᠰᠠᠨ ᠠᠴᠠ ᠨᠠᠰᠢ ᠭᠡᠷ ᠪᠥᠯᠢ ᠪᠠᠷ ᠤᠯᠠᠮᠵᠢᠯᠠᠨ ᠲᠡᠯᠭᠡᠷᠡᠭᠦᠯᠬᠦ ᠠᠷᠭ᠎ᠠ ᠠᠪᠴᠠᠯ | ᠢᠶᠠᠷ ᠠᠵᠢᠯ ᠶᠠᠪᠤᠳᠠᠯ ᠢᠶᠠᠨ ᠨᠡᠩ ᠤᠷᠤᠬᠰᠢᠳᠠᠢ ᠨᠡᠩ ᠥᠷ᠎ᠡ ᠠᠰᠢᠭ ᠲᠠᠢ ᠪᠤᠯᠭᠠᠬᠤ ᠵᠥᠭ ᠬᠠᠨᠳᠤᠭᠤᠯᠵᠠᠢ᠃ | ᠡᠶᠢᠨᠬᠦ ︽ᠰᠠᠨᠠᠵᠤ ᠶᠠᠪᠤᠪᠠᠯ ᠪᠦᠳᠦᠳᠡᠭ᠂ ᠰᠠᠵᠢᠯᠠᠵᠤ ᠶᠠᠪᠤᠪᠠᠯ ᠬᠦᠷᠳᠡᠭ︾ ᠭᠡᠳᠡᠭᠴᠢᠯᠡᠨ᠂ ᠲᠡᠷᠡᠪᠡᠷ 2015 | ᠤᠨ ᠳᠤ ᠰᠢᠯᠢ ᠶᠢᠨ ᠭᠤᠤᠯ ᠠᠶᠢᠮᠠᠭ ᠤᠨ ᠪᠤᠳᠠᠰ ᠤᠨ ᠪᠤᠰᠤ ᠰᠤᠶᠤᠯ ᠤᠨ ᠥᠪ ᠤᠨ ᠰᠢᠯᠢᠳᠡᠭ ᠤᠯᠠᠮᠵᠢᠯᠠᠬᠴᠢ | ᠪᠠᠷ ᠱᠠᠩᠨᠠᠨ ᠬᠥᠬᠢᠭᠦᠯᠥᠭᠳᠡᠵᠥ᠂ 2019 ᠤᠨ ᠠᠴᠠ ᠨᠠᠰᠢ ᠬᠤᠰᠢᠭᠤ ᠲᠡᠰ ᠤᠨ ᠰᠢᠯᠢᠳᠡᠭ ᠤᠯᠠᠮᠵᠢᠯᠠᠬᠴᠢ ᠤᠨ | ᠢᠷᠠᠭᠤ ᠠᠯᠳᠠᠷ ᠢᠶᠠᠷ ᠠᠷᠢᠭᠤᠨ ᠦᠢᠯᠡᠰ ᠤᠨ ᠢᠶᠠᠨ ᠠᠮᠵᠢᠯᠲᠠ ᠶᠢᠨ ᠦᠷ᠎ᠡ ᠵᠢᠮᠢᠰ ᠪᠤᠯᠭᠠᠨ ᠴᠢᠷᠮᠠᠶᠢᠨ | ᠠᠵᠢᠯᠯᠠᠭᠰᠠᠭᠠᠷ ᠁ |