锡林郭勒盟365bet知乎_365bet官方体育投注_365bet娱乐场平台珠穆沁旗 365bet知乎_365bet官方体育投注_365bet娱乐场平台

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠪᠦᠬᠦ  ᠠᠷᠠᠳ  ᠲᠤ  ᠰᠢᠨ᠎ᠡ ᠲᠢᠲᠢᠮᠯᠢᠭ ᠸᠢᠷᠦ᠋ᠰ ᠤᠨ ᠪᠥᠭᠡᠮ        ᠬᠦᠴᠢᠯ ᠤᠨ ᠪᠠᠶᠢᠴᠠᠭᠠᠯᠳᠠ ᠶᠢᠨ ᠰᠣᠷᠢᠯᠲᠠ ᠬᠢᠬᠦ ᠲᠤᠬᠠᠢ ᠵᠠᠷᠯᠠᠯ                      ︵21 ᠳ᠋ᠤᠭᠡᠷ
        ᠨᠡᠶᠢᠲᠡᠯᠡᠭᠰᠡᠨ ᠴᠠᠭ᠄
        2022/6/17
               ᠪᠦᠬᠦ  ᠠᠷᠠᠳ   ᠲᠤ  ᠰᠢᠨ᠎ᠡ ᠲᠢᠲᠢᠮᠯᠢᠭ ᠸᠢᠷᠦ᠋ᠰ ᠤᠨ ᠪᠥᠭᠡᠮ        ᠬᠦᠴᠢᠯ ᠤᠨ ᠪᠠᠶᠢᠴᠠᠭᠠᠯᠳᠠ ᠶᠢᠨ ᠰᠣᠷᠢᠯᠲᠠ ᠬᠢᠬᠦ ᠲᠤᠬᠠᠢ ᠵᠠᠷᠯᠠᠯ                               ︵21 ᠳ᠋ᠤᠭᠡᠷ ᠲᠤᠭᠠᠲᠦ︶ᠥᠷᠭᠡᠨ ᠤᠯᠠᠨ ᠰᠠᠭᠤᠭᠠᠯᠢ ᠠᠷᠠᠳ᠂ ᠮᠠᠯᠴᠢᠨ ᠳᠦᠮᠡᠨ ᠳᠤ᠄   ᠮᠠᠨ ᠤ ᠬᠤᠰᠢᠭᠤᠨ ᠤ ᠤᠶᠢᠷᠠᠯᠴᠠᠭ᠎ᠠ ᠭᠠᠵᠠᠷ ᠣᠷᠣᠨ ᠳᠤ ᠵᠠᠯᠭᠠᠭ᠎ᠠ ᠪᠠᠷ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠠᠷᠭ᠎ᠠ ᠴᠢᠨᠠᠷᠲᠠᠢ ᠡᠪᠡᠳᠴᠢᠳᠡᠨ ᠢᠯᠡᠷᠡᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠳᠠᠯ  ᠨᠡᠯᠢᠶᠡᠳ ᠬᠡᠴᠡᠭᠦᠦ ᠪᠤᠳᠤᠯᠢᠶᠠᠨᠲᠠᠢ ᠪᠤᠯᠤᠭᠰᠠᠨ ᠪᠠᠶᠢᠨ᠎ᠠ᠃ ᠮᠠᠨ ᠤ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠡᠯᠡᠳᠬᠡᠯ ᠠᠵᠢᠯ ᠢ ᠪᠥᠬᠦ ᠲᠠᠯ᠎ᠠ ᠪᠠᠷ ᠰᠠᠶᠢᠲᠤᠷ ᠬᠢᠵᠦ᠂  ᠪᠥᠭᠡᠮ ᠬᠦᠴᠢᠯ ᠢ ᠪᠠᠶᠢᠴᠠᠭᠠᠨ ᠰᠢᠯᠭᠠᠵᠤ ᠪᠠᠴᠢᠮ ᠰᠢᠢᠳᠪᠦᠷᠢᠯᠡᠬᠦ ᠴᠢᠳᠠᠪᠤᠷᠢ ᠶᠢ ᠦᠨᠡᠨᠬᠦ ᠳᠡᠭᠡᠭᠰᠢᠯᠡᠭᠦᠯᠬᠦ ᠶᠢᠨ ᠲᠥᠯᠥᠭᠡ᠂ ᠪᠥᠬᠦ ᠬᠤᠰᠢᠭᠤᠨ ᠤ ᠬᠡᠪᠴᠢᠶᠡᠨ ᠳᠤ ᠨᠢᠭᠡ ᠤᠳᠠᠭᠠᠨ ᠤ ᠪᠥᠬᠦ ᠠᠷᠠᠳ ᠤᠨ ᠪᠥᠭᠡᠮ ᠬᠦᠴᠢᠯ ᠤᠨ ᠪᠠᠶᠢᠴᠠᠭᠠᠯᠳᠠ ᠶᠢᠨ ᠰᠣᠷᠢᠯᠲᠠ ᠶᠢ ᠦᠷᠨᠢᠬᠦᠯᠬᠦ ᠪᠠᠷ ᠲᠤᠭᠲᠠᠪᠠ᠃ ᠡᠳᠦᠭᠡ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠵᠠᠷᠯᠠᠶ᠎ᠠ᠃   ᠨᠢᠭᠡ᠂ ᠪᠠᠶᠢᠴᠠᠭᠠᠯᠳᠠ ᠳᠤ ᠤᠷᠤᠯᠴᠠᠬᠤ ᠬᠦᠮᠦᠰ ᠤᠨ ᠬᠡᠪᠴᠢᠶ᠎ᠡ   ᠮᠠᠨ ᠤ ᠬᠤᠰᠢᠭᠤᠨ ᠤ ᠬᠡᠪᠴᠢᠶᠡᠨ ᠳᠠᠬᠢ ᠪᠦᠬᠦ ᠰᠠᠭᠤᠭᠠᠯᠢ ᠠᠷᠠᠳ ︵ᠮᠠᠨ ᠤ ᠬᠤᠰᠢᠭᠤᠨ ᠤ ᠡᠷᠦᠬᠡ ᠠᠮᠠ ᠲᠠᠢ ᠬᠥᠮᠥᠨ᠂ ᠪᠠᠶᠢᠩᠭᠤ ᠰᠠᠭᠤᠭ᠎ᠠ ᠬᠥᠮᠥᠨ᠂ ᠨᠡᠭᠦᠳᠡᠯ ᠬᠥᠮᠥᠨ ᠪᠠᠭᠲᠠᠨ᠎ᠠ︶᠃   ᠰᠢᠨ᠎ᠡ ᠲᠢᠲᠢᠮᠯᠢᠭ ᠸᠢᠷᠦ᠋ᠰ ᠢ ᠰᠡᠷᠭᠡᠶᠢᠯᠡᠬᠦ ᠲᠠᠷᠢᠯᠭ᠎ᠠ ᠶᠢ ᠲᠠᠷᠢᠭᠤᠯᠤᠭᠠᠳ 48 ᠴᠠᠭ ᠪᠣᠯᠤᠭ᠎ᠠ ᠦᠭᠡᠢ ᠬᠥᠮᠥᠰ  ᠲᠣᠰ ᠤᠳᠠᠭᠠᠨ ᠤ ᠪᠥᠭᠡᠮ ᠬᠦᠴᠢᠯ ᠤᠨ ᠪᠠᠶᠢᠴᠠᠭᠠᠯᠳᠠ ᠳᠤ ᠣᠷᠤᠯᠴᠠᠬᠤ ᠦᠭᠡᠢ᠂ ᠭᠡᠬᠦ ᠳᠡᠭᠡᠨ ᠡᠷᠬᠡᠪᠰᠢ ᠪᠠᠶᠢᠭ᠎ᠠ ᠰᠤᠮᠤ ᠪᠠᠯᠭᠠᠰᠤ᠂ ᠭᠠᠴᠠᠭ᠎ᠠ ︵ᠨᠡᠶᠢᠭᠡᠮ ᠲᠣᠭᠤᠷᠢᠭ︶ ᠳᠤ ᠪᠠᠨ ᠮᠡᠳᠡᠭᠦᠯᠦᠨ ᠳᠠᠩᠰᠠᠯᠠᠭᠤᠯᠬᠤ ᠬᠡᠷᠡᠭᠲᠡᠢ᠃   ᠬᠤᠶᠠᠷ᠂ ᠴᠠᠭ ᠪᠠ ᠭᠠᠵᠠᠷ   ︵ᠨᠢᠭᠡ︶ ᠦᠯᠢᠭᠡᠷ ᠠᠪᠬᠤ ᠴᠠᠭ   2022 ᠣᠨ ᠤ 6 ᠰᠠᠷ᠎ᠠ ᠶᠢᠨ 15᠂ 16 ᠬᠤᠶᠠᠷ ᠡᠳᠦᠷ᠃ ᠡᠭᠦᠨ ᠳᠤ᠂ 6 ᠰᠠᠷ᠎ᠠ ᠶᠢᠨ 15 ᠤ ᠡᠳᠦᠷ ᠤᠨ 6᠄ 00 ︱12᠄ 00 ᠴᠠᠭ ᠲᠤ ᠪᠠᠯᠭᠠᠷᠭᠤᠣᠯ ᠪᠠᠯᠭᠠᠰᠤᠨ ᠤ ᠬᠠᠷᠢᠶ᠎ᠠ ᠲᠣᠭᠤᠷᠢᠭ ᠤᠨ ᠪᠥᠬᠦ ᠰᠠᠭᠤᠭᠠᠯᠢ ᠠᠷᠠᠳ ᠲᠤ ᠪᠦᠭᠡᠮ ᠬᠦᠴᠢᠯ ᠤᠨ ᠪᠠᠶᠢᠴᠠᠭᠠᠯᠲᠠ ᠬᠢᠨ᠎ᠡ᠃ 6 ᠰᠠᠷ᠎ᠠ ᠶᠢᠨ 16 ᠤ ᠡᠳᠦᠷ ᠤᠨ 6᠄ 00 ︱ 12᠄ 00 ᠴᠠᠭ ᠪᠣᠯᠲᠠᠯ᠎ᠠ ᠪᠠᠶᠠᠨᠬᠤᠸᠠ ᠠᠵᠤ ᠠᠬᠤᠢ ᠶᠢᠨ ᠨᠡᠭᠡᠭᠡᠨ ᠬᠥᠭᠵᠢᠭᠦᠯᠦᠯᠲᠡ ᠶᠢᠨ ᠲᠣᠭᠤᠷᠢᠭ᠂ ᠪᠠᠶᠠᠨᠬᠤᠸᠠ ᠪᠠᠯᠭᠠᠰᠤ᠂ ᠭᠤᠷᠤᠬᠠᠨ ᠪᠠᠯᠭᠠᠰᠤ᠂ ᠪᠠᠶᠠᠨᠬᠤᠰᠢᠭᠤ ᠰᠤᠮᠤ᠂ ᠤᠯᠠᠭᠠᠨᠬᠠᠭᠠᠯᠭ᠎ᠠ ᠰᠤᠮᠤ᠂ ᠵᠢᠷ ᠤᠨ ᠭᠤᠣᠯ ᠪᠠᠯᠭᠠᠰᠤ᠂ ᠬᠤᠭᠤᠯᠠᠳᠤ ᠶᠢᠨ ᠭᠤᠣᠯ ᠪᠠᠯᠭᠠᠰᠤᠨ ᠤ ᠬᠠᠷᠢᠶ᠎ᠠ ᠤᠷᠤᠨ ᠤ ᠪᠥᠬᠦ ᠰᠠᠭᠤᠭᠠᠯᠢ ᠠᠷᠠᠳ ᠲᠤ ᠪᠦᠭᠡᠮ ᠬᠦᠴᠢᠯ ᠤᠨ ᠪᠠᠶᠢᠴᠠᠭᠠᠯᠳᠠ ᠬᠢᠨ᠎ᠡ᠃    ︵ᠬᠤᠶᠠᠷ︶ ᠦᠯᠢᠭᠡᠷ ᠠᠪᠬᠤ ᠭᠠᠵᠠᠷ   ᠰᠠᠭᠤᠭ᠎ᠠ ᠭᠠᠵᠠᠷ ᠲᠤ ᠪᠠᠶᠢᠷᠢᠯᠠᠭᠤᠯᠤᠭᠰᠠᠨ ᠡᠯ᠎ᠡ ᠦᠯᠢᠭᠡᠷ ᠠᠪᠬᠤ ᠴᠡᠭ᠃   ᠭᠤᠷᠪᠠ᠂ ᠠᠩᠬᠠᠷᠬᠤ ᠵᠦᠢᠯ    ︵ᠨᠢᠭᠡ︶ ᠰᠠᠭᠤᠭᠠᠯᠢ ᠠᠷᠠᠳ ᠲᠣᠰ ᠬᠥᠮᠥᠨ ᠤ ᠪᠡᠶ᠎ᠡ ᠶᠢᠨ ᠦᠨᠡᠮᠯᠡᠯ ᠢᠶᠠᠨ ᠠᠪᠴᠤ᠂ ᠬᠤᠪᠢ ᠬᠥᠮᠥᠨ ᠤ ᠬᠠᠮᠠᠭᠠᠯᠠᠯᠲᠠ ᠶᠢ ᠰᠠᠶᠢᠲᠤᠷ ᠬᠢᠵᠦ᠂ ᠪᠥᠬᠦ ᠶᠠᠪᠤᠴᠠ ᠳᠤ ᠠᠮᠠᠪᠴᠢ ᠵᠡᠭᠦᠵᠦ᠂ ᠡᠷᠡᠭᠦᠯ ᠮᠡᠨᠳᠦ ᠶᠢᠨ ᠺᠣᠳ᠋᠂ ᠠᠶᠠᠯᠠᠯ ᠤᠨ ᠺᠣᠳ᠋ ᠢᠶᠠᠨ ᠤᠷᠢᠳᠴᠢᠯᠠᠨ ᠭᠠᠷᠭᠠᠨ ᠦᠵᠡᠭᠦᠯᠵᠦ᠂ ᠬᠠᠷᠢᠶᠠᠯᠠᠭᠳᠠᠬᠤ ᠭᠠᠴᠠᠭᠠᠨ ᠤ ︵ᠨᠡᠶᠢᠭᠡᠮ ᠲᠣᠭᠤᠷᠢᠭ︶ ᠠᠵᠢᠯᠳᠠᠳ ᠤᠨ ᠵᠢᠯᠣᠭᠤᠳᠤᠯᠭ᠎ᠠ ᠳᠣᠣᠷ᠎ᠠ᠂ ᠲᠣᠭᠲᠠᠭᠰᠠᠨ ᠴᠠᠭ ᠲᠤ ᠲᠣᠭᠲᠠᠭᠰᠠᠨ ᠥᠯᠢᠭᠡᠷ ᠠᠪᠬᠤ ᠴᠡᠭ ᠲᠤ ᠬᠦᠷᠴᠦ ᠪᠥᠭᠡᠮ ᠬᠦᠴᠢᠯ ᠤᠨ ᠪᠠᠶᠢᠴᠠᠭᠠᠯᠳᠠ ᠬᠢᠯᠭᠡᠨ᠎ᠡ᠃ ᠤᠶᠤᠨᠳᠤ ᠭᠠᠷ ᠤᠲᠠᠰᠤ ᠬᠡᠷᠡᠭᠯᠡᠵᠦ ᠪᠠᠶᠢᠬᠤ ᠦᠭᠡᠢ ᠨᠠᠰᠤᠲᠠᠳ ᠨᠢ ᠪᠡᠶ᠎ᠡ ᠶᠢᠨ ᠦᠨᠡᠮᠯᠡᠯ ᠢᠶᠠᠨ ᠠᠪᠬᠤ ᠶᠢᠨ ᠬᠠᠮᠳᠤ ᠭᠠᠷ ᠤᠲᠠᠰᠤᠨ ᠤ ᠨᠣᠮᠧᠷ ᠢᠶᠠᠨ ᠡᠷᠬᠡᠪᠰᠢ ᠴᠠᠭᠠᠰᠤᠨ ᠳᠡᠭᠡᠷ᠎ᠡ ᠳᠡᠮᠳᠡᠭᠯᠡᠨ ᠪᠡᠯᠡᠳᠬᠡᠬᠦ ᠬᠡᠷᠡᠭᠲᠡᠢ᠃ ᠪᠡᠶ᠎ᠡ ᠶᠢᠨ ᠦᠨᠡᠮᠯᠡᠯ ᠦᠭᠡᠢ ᠬᠡᠦᠬᠡᠳ ᠪᠠ ᠭᠠᠷ ᠤᠲᠠᠰᠤ ᠦᠭᠡᠢ ᠨᠠᠰᠤᠨ ᠳᠤ ᠥᠯᠥ ᠭᠦᠷᠦᠭᠰᠡᠳ ᠤᠨ ᠡᠷᠡᠭᠦᠯ ᠮᠡᠨᠳᠦ ᠶᠢᠨ ᠺᠣᠳ᠋ ᠶᠢ ᠭᠡᠷ ᠤᠨ ᠠᠬᠠᠮᠠᠳ ᠨᠢ ᠬᠠᠷᠢᠭᠤᠴᠠᠨ ᠪᠡᠯᠡᠳᠬᠡᠬᠦ ᠶᠢᠨ ᠬᠠᠮᠲᠤ ᠳᠠᠭᠠᠭᠤᠯᠤᠨ ᠪᠦᠭᠡᠮ ᠬᠦᠴᠢᠯ ᠤᠨ ᠪᠠᠶᠢᠴᠠᠭᠠᠯᠳᠠ ᠬᠢᠯᠭᠡᠬᠦ ᠬᠡᠷᠡᠭᠳᠡᠢ᠃    ︵ᠬᠤᠶᠠᠷ︶ ᠪᠦᠭᠡᠮ ᠬᠦᠴᠢᠯ ᠤᠨ ᠪᠠᠶᠢᠴᠠᠭᠠᠯᠳᠠ ᠳᠤ ᠤᠷᠤᠯᠴᠠᠬᠤ ᠰᠠᠭᠤᠭᠠᠯᠢ ᠠᠷᠠᠳ ᠨᠢ ᠡᠮᠬᠢ ᠲᠢᠭᠯᠢᠮ  ᠲᠠᠢ ᠮᠥᠷᠯᠡᠨ ᠬᠦᠯᠢᠶᠡᠵᠦ᠂ 1.5 ᠮᠧᠲᠷ ᠤᠨ ᠵᠠᠢ ᠶᠢ ᠪᠠᠲᠤᠯᠠᠨ᠂ ᠲᠤᠬᠠᠢ ᠶᠢᠨ ᠲᠠᠯᠠᠪᠤᠷ ᠤᠨ ᠡᠮᠬᠢ ᠳᠢᠭᠯᠢᠮ ᠢ ᠰᠠᠶᠢᠲᠤᠷ ᠰᠠᠬᠢᠵᠦ᠂ ᠲᠤᠬᠠᠢ ᠶᠢᠨ ᠲᠠᠯᠠᠪᠤᠷ ᠤᠨ ᠠᠵᠢᠯᠲᠠᠨ ᠤ ᠵᠢᠯᠣᠭᠤᠳᠤᠯᠭ᠎ᠠ ᠲᠣᠬᠢᠷᠠᠭᠤᠯᠤᠯᠲᠠ ᠶᠢ ᠳᠠᠭᠠᠵᠤ᠂ ᠮᠦᠷᠯᠡᠵᠦ ᠪᠠᠶᠢᠬᠤ ᠳᠠᠭᠠᠨ ᠳᠤᠷ᠎ᠠ ᠪᠠᠷ ᠢᠶᠠᠨ ᠮᠦᠷ ᠱᠤᠭᠤᠮ ᠢᠶᠠᠨ ᠰᠣᠯᠢᠵᠤ ᠪᠣᠯᠬᠤ ᠦᠭᠡᠢ᠃ ᠨᠠᠰᠤᠲᠠᠶᠢᠴᠤᠳ ᠪᠠ ᠨᠠᠰᠤᠨ ᠳᠤ ᠦᠯᠤ ᠬᠥᠷᠦᠭᠰᠡᠳ ᠢ ᠰᠠᠨᠠᠭᠠᠴᠢᠯᠠᠭ᠎ᠠ ᠠᠴᠠ ᠪᠠᠨ ᠬᠠᠪᠰᠤᠷᠴᠤ᠂ ᠶᠣᠰᠣ ᠮᠣᠷᠠᠯ ᠢ ᠡᠷᠬᠢᠮᠯᠡᠨ᠂ ᠵᠠᠩ ᠰᠤᠷᠲᠠᠯ ᠢ ᠴᠢᠬᠤᠯᠠᠴᠢᠯᠠᠵᠤ᠂ ᠲᠠᠮᠠᠬᠢ ᠲᠠᠲᠠᠬᠤ ᠦᠭᠡᠢ᠂ ᠴᠤᠭᠯᠠᠷᠠᠬᠤ ᠦᠭᠡᠢ᠂ ᠵᠣᠭᠤᠭᠳᠠᠬᠤ ᠦᠭᠡᠢ ᠪᠠᠶᠢᠵᠤ᠂ ᠰᠣᠯᠪᠢᠴᠠᠨ ᠬᠠᠯᠳᠠᠪᠤᠷᠢᠯᠠᠬᠤ ᠪᠠᠶᠢᠳᠠᠯ ᠭᠠᠷᠬᠤ ᠠᠴᠠ ᠰᠡᠷᠭᠡᠶᠢᠯᠡᠬᠦ ᠬᠡᠷᠡᠭᠲᠡᠢ᠃ ᠰᠠᠭᠤᠭᠠᠯᠢ ᠠᠷᠠᠳ ᠦᠯᠢᠭᠡᠷ ᠠᠪᠬᠤ ᠠᠵᠢᠯ ᠢᠶᠠᠨ ᠳᠠᠭᠤᠰᠬᠠᠭᠰᠠᠨ ᠤ ᠳᠠᠷᠠᠭ᠎ᠠ᠂ ᠲᠤᠬᠠᠢ ᠶᠢᠨ ᠲᠠᠯᠠᠪᠤᠷ ᠤᠨ ᠠᠵᠢᠯᠲᠠᠨ ᠤ ᠨᠢᠭᠡᠳᠦᠯᠲᠡᠢ ᠵᠢᠯᠣᠭᠤᠳᠤᠯᠭ᠎ᠠ ᠳᠣᠣᠷ᠎ᠠ᠂ ᠳᠠᠷᠤᠶᠢᠬᠠᠨ ᠲᠣᠭᠲᠠᠭᠰᠠᠨ ᠵᠠᠮ ᠮᠥᠷ ᠢᠶᠠᠷ ᠦᠯᠢᠭᠡᠷ ᠠᠪᠬᠤ ᠭᠠᠵᠠᠷ ᠠᠴᠠ ᠭᠡᠷ ᠲᠡᠭᠡᠨ ᠬᠠᠷᠢᠵᠤ᠂ ᠬᠠᠮᠤᠭ ᠲᠡᠷᠢᠭᠦᠨ ᠳᠤ ᠠᠷᠢᠭᠤᠳᠬᠠᠬᠤ ᠠᠵᠢᠯ ᠢ ᠰᠠᠶᠢᠲᠤᠷ ᠬᠢᠬᠦ ᠬᠡᠷᠡᠭᠲᠡᠢ᠃    ︵ᠭᠤᠷᠪᠠ︶ ᠪᠦᠭᠡᠮ ᠬᠦᠴᠢᠯ ᠤᠨ ᠪᠠᠶᠢᠴᠠᠭᠠᠯᠳᠠ ᠳᠤ ᠤᠷᠤᠯᠴᠠᠬᠤ ᠪᠦᠬᠦᠶᠢᠯᠡ ᠠᠵᠢᠯᠲᠠᠳ ᠡᠷᠬᠡᠪᠰᠢ ᠬᠤᠰᠢᠭᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠡᠯᠳᠡᠰ ᠤᠨ ᠨᠢᠭᠡᠳᠦᠯᠲᠡᠢ ᠠᠵᠢᠯ ᠤᠨ ᠦᠨᠡᠮᠯᠡᠯ ᠢᠶᠠᠷ ᠠᠵᠢᠯ ᠤᠨ ᠪᠠᠶᠢᠷᠢ ᠳᠤ ᠪᠠᠨ ᠭᠠᠷᠴᠦ᠂ ᠠᠵᠢᠯ ᠤᠨ ᠦᠨᠡᠮᠯᠡᠯ ᠦᠭᠡᠢ ᠬᠥᠮᠥᠰ ᠳᠤᠷ᠎ᠠ ᠪᠠᠷ ᠢᠶᠠᠨ ᠣᠷᠣᠵᠤ ᠭᠠᠷᠴᠤ ᠪᠣᠯᠬᠤ ᠦᠭᠡᠢ᠃    ︵ᠳᠦᠷᠪᠡ︶ ᠪᠥᠭᠡᠮ ᠬᠦᠴᠢᠯ ᠤᠨ ᠪᠠᠶᠢᠴᠠᠭᠠᠯᠳᠠ ᠬᠢᠬᠦ ᠲᠤᠬᠠᠢ ᠶᠢᠨ ᠡᠳᠦᠷ᠂ ᠵᠣᠬᠢᠬᠤ ᠭᠠᠵᠠᠷ ᠣᠷᠣᠨ ᠨᠢ ᠬᠠᠷᠢᠴᠠᠩᠭᠤᠢ ᠤᠷᠤᠵᠦ ᠭᠠᠷᠬᠤ ᠶᠢ ᠵᠤᠭᠰᠤᠭᠠᠬᠤ ᠪᠠᠶᠢᠳᠠᠯ ᠢ ᠪᠠᠳᠤᠯᠠᠵᠦ᠂ ᠡᠯ᠎ᠡ ᠣᠷᠣᠨ ᠰᠠᠭᠤᠴᠠ ᠶᠢᠨ ᠰᠠᠭᠤᠭᠠᠯᠢ ᠲᠣᠭᠤᠷᠢᠭ᠂ ᠭᠠᠴᠠᠭ᠎ᠠ᠂ ᠦᠢᠯᠡᠳᠪᠦᠷᠢ ᠠᠭᠤᠷᠬᠠᠢ ᠶᠢᠨ ᠠᠵᠤ ᠠᠬᠤᠶᠢᠯᠠᠯ ᠢ ᠪᠢᠲᠡᠭᠦᠮᠵᠢᠯᠡᠨ ᠬᠠᠮᠢᠶᠠᠷᠴᠤ᠂ ᠠᠯᠪᠠᠨ ᠪᠠᠶᠢᠭᠤᠯᠭ᠎ᠠ᠂ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠡ ᠶᠢᠨ ᠤᠨᠴᠠᠭᠠᠢ ᠠᠵᠢᠯ ᠤᠨ ᠪᠠᠶᠢᠷᠢ ᠠᠴᠠ ᠪᠤᠰᠤᠳ ᠨᠢ ᠠᠵᠢᠯᠯᠠᠬᠤ ᠪᠠᠨ ᠲᠦᠷ ᠵᠣᠭᠰᠣᠵᠤ᠂ ᠪᠦᠬᠦᠶᠢᠯᠡ ᠠᠵᠤ ᠠᠬᠤᠶᠢᠯᠠᠯ᠂ ᠬᠤᠳᠠᠯᠳᠤᠭᠠᠨ ᠤ ᠭᠠᠵᠠᠷ᠂ ᠤᠯᠠᠨ ᠨᠡᠶᠢᠲᠡ ᠶᠢᠨ ᠲᠠᠯᠠᠪᠤᠷ᠂ ᠪᠠᠷᠢᠯᠭ᠎ᠠ ᠶᠢᠨ ᠭᠠᠵᠠᠷ ᠤᠨ ᠠᠵᠢᠯ ᠦᠢᠯᠡᠳᠪᠦᠷᠢᠯᠡᠯ ᠢ ᠨᠢ ᠲᠦᠷ ᠵᠣᠭᠰᠣᠭᠠᠨ᠎ᠠ᠃ ᠤᠨᠴᠠᠭᠠᠢ ᠴᠢᠬᠤᠯᠠ ᠤᠴᠢᠷ ᠦᠭᠡᠢ ᠪᠣᠯ ᠬᠦᠳᠡᠭᠡᠨ ᠤ ᠬᠦᠮᠦᠰ ᠬᠤᠰᠢᠭᠤ ᠪᠠᠯᠭᠠᠰᠤᠨ ᠳᠤ ᠢᠷᠡᠬᠦ ᠦᠭᠡᠢ᠂ ᠬᠤᠲᠠ ᠲᠣᠭᠤᠷᠢᠭ ᠤᠨ ᠬᠥᠮᠥᠰ ᠭᠠᠳᠠᠭᠰᠢ  ᠭᠠᠷᠬᠤ ᠦᠭᠡᠢ ᠪᠠᠶᠢᠬᠤ ᠬᠡᠷᠡᠭᠳᠡᠢ᠃ ᠳᠣᠲᠣᠭᠠᠳᠤ ᠶᠢ ᠬᠠᠮᠠᠭᠠᠯᠠᠬᠤ ᠵᠠᠮ ᠬᠠᠷᠢᠯᠴᠠᠭᠠᠨ ᠤ ᠴᠠᠭᠳᠠᠭ᠎ᠠ ᠵᠠᠮ ᠳᠤ ᠬᠤᠷᠢᠭ᠎ᠠ ᠲᠠᠯᠪᠢᠬᠤ ᠶᠢᠨ ᠬᠠᠮᠲᠤ ᠵᠡᠭᠡᠯᠢ ᠲᠣᠭᠤᠷᠢᠭ ᠢ ᠬᠠᠮᠢᠶᠠᠷᠤᠨ ᠴᠠᠭᠳᠠᠵᠤ ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠠᠵᠢᠯ ᠤᠨ ᠠᠵᠢᠯᠳᠠᠳ ᠪᠠ ᠲᠡᠷᠭᠡ ᠬᠥᠰᠬᠡ ᠠᠴᠠ ᠪᠤᠰᠤᠳ ᠢ ᠨᠢ ᠴᠥᠮ ᠭᠠᠳᠠᠭᠰᠢ ᠭᠠᠷᠬᠤ ᠶᠢ ᠬᠤᠷᠢᠭᠯᠠᠨ᠎ᠠ᠃ ᠠᠵᠢᠯ ᠤᠨ ᠡᠭᠦᠷᠭᠡ ᠲᠠᠢ ᠠᠯᠪᠠᠨ ᠠᠵᠢᠯᠳᠠᠨ ᠪᠠ ᠤᠨᠴᠠᠭᠠᠢ ᠪᠠᠶᠢᠳᠠᠯ  ᠠᠴᠠ ᠪᠣᠯᠵᠤ ᠬᠤᠰᠢᠭᠤᠨ ︵ᠪᠤᠶᠤ ᠪᠤᠰᠤᠳ ᠰᠤᠮᠤ ᠪᠠᠯᠭᠠᠰᠤ︶ ᠳᠤ ᠣᠷᠣᠬᠤ ᠴᠢᠬᠤᠯᠠᠲᠠᠢ ᠬᠦᠮᠦᠰ᠂ ᠣᠷᠣᠭᠰᠠᠨ ᠤ ᠪᠠᠨ ᠳᠠᠷᠠᠭ᠎ᠠ ᠨᠡᠶᠢᠭᠡᠮ ᠤᠨ ᠬᠠᠮᠢᠶᠠᠷᠤᠨ ᠡᠵᠡᠮᠳᠡᠬᠦ ᠳᠤᠭᠤᠶᠢᠯᠠᠩ ︵ᠬᠤᠰᠢᠭᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ︶ ᠤᠨ ᠠᠵᠢᠯᠲᠠᠨ ᠤ ᠵᠢᠯᠣᠭᠤᠳᠤᠯᠭ᠎ᠠ ᠳᠣᠣᠷ᠎ᠠ᠂ ᠲᠣᠭᠲᠠᠭᠰᠠᠨ ᠭᠠᠵᠠᠷ ᠲᠤ ᠬᠦᠷᠴᠦ ᠪᠥᠭᠡᠮ ᠬᠦᠴᠢᠯ ᠤᠨ ᠪᠠᠶᠢᠴᠠᠭᠠᠯᠳᠠ ᠬᠢᠯᠭᠡᠬᠦ ᠬᠡᠷᠡᠭᠲᠡᠢ᠃     ︵ᠲᠠᠪᠤ︶ ᠶᠠᠪᠤᠵᠤ ᠰᠠᠭᠤᠬᠤ ᠳᠤ ᠳᠥᠭᠦᠮ ᠦᠭᠡᠢ ᠭᠠᠭᠴᠠᠭᠠᠷ ᠰᠠᠭᠤᠭ᠎ᠠ ᠨᠠᠰᠤᠲᠠᠨ᠂ ᠵᠡᠮᠳᠡᠭᠴᠦᠳ ᠵᠡᠷᠭᠡ ᠣᠨᠴᠠᠭᠠᠢ ᠬᠥᠮᠥᠰ ᠨᠢ ᠳᠠᠷᠤᠶᠢᠬᠠᠨ ᠭᠠᠴᠠᠭᠠᠨ ︵ᠨᠡᠶᠢᠭᠡᠮ ᠲᠣᠭᠤᠷᠢᠭ︶ ᠤ ᠠᠵᠢᠯᠳᠠᠨ ᠳᠤ ᠪᠠᠨ ᠮᠡᠳᠡᠭᠦᠯᠦᠨ ᠳᠠᠩᠰᠠᠯᠠᠭᠤᠯᠵᠤ᠂ ᠭᠠᠴᠠᠭ᠎ᠠ ︵ᠨᠡᠶᠢᠭᠡᠮ ᠲᠣᠭᠤᠷᠢᠭ︶ ᠨᠢ ᠪᠣᠳᠠᠲᠠᠢ ᠪᠠᠶᠢᠳᠠᠯ ᠢᠶᠠᠨ ᠦᠨᠳᠦᠰᠦᠯᠡᠨ᠂ ᠭᠡᠷ ᠲᠤᠨᠢ ᠬᠦᠷᠴᠦ ᠥᠯᠢᠭᠡᠷ ᠠᠪᠬᠤ ᠦᠢᠯᠡᠴᠢᠯᠡᠭᠡ ᠶᠢ ᠲᠣᠬᠢᠷᠠᠭᠤᠯᠤᠨ᠎ᠠ᠃    ︵ᠵᠢᠷᠭᠤᠭ᠎ᠠ︶ ᠪᠥᠭᠡᠮ ᠬᠦᠴᠢᠯ ᠤᠨ ᠪᠠᠶᠢᠴᠠᠭᠠᠯᠲᠠ ᠬᠢᠯᠭᠡᠬᠦ ᠪᠣᠯ ᠪᠦᠬᠦ ᠰᠠᠭᠤᠭᠠᠯᠢ ᠠᠷᠠᠳ ᠤᠨ ᠭᠦᠢᠴᠡᠳᠬᠡᠪᠡᠰᠦ ᠵᠣᠬᠢᠬᠤ ᠡᠭᠦᠷᠭᠡ ᠮᠥᠨ᠂ ᠥᠷᠭᠡᠨ ᠣᠯᠠᠨ ᠰᠠᠭᠤᠭᠠᠯᠢ ᠠᠷᠠᠳ᠂ ᠪᠠᠶᠢᠩᠭᠤ ᠰᠠᠭᠤᠭ᠎ᠠ ᠬᠥᠮᠥᠨ ᠠᠮᠠ ᠵᠢᠴᠢ ᠭᠠᠳᠠᠨ᠎ᠠ ᠠᠴᠠ ᠢᠷᠡᠭᠰᠡᠨ ᠬᠥᠮᠥᠰ ᠢᠳᠡᠪᠬᠢᠲᠡᠢ ᠪᠥᠭᠡᠳ ᠰᠠᠨᠠᠭᠠᠴᠢᠯᠠᠭ᠎ᠠ ᠠᠴᠠ ᠪᠠᠨ ᠬᠠᠮᠵᠢᠯᠴᠠᠵᠤ᠂ ᠨᠢᠭᠡ ᠡᠷᠦᠬᠡ᠂ ᠨᠢᠭᠡ ᠬᠥᠮᠥᠨ ᠢ ᠴᠦ ᠣᠷᠬᠢᠭᠳᠠᠭᠤᠯᠬᠤ ᠦᠭᠡᠢ ᠪᠠᠷ ᠪᠦᠬᠦᠨ ᠢᠶᠠᠷ ᠢᠶᠠᠨ ᠪᠠᠶᠢᠴᠠᠭᠠᠯᠲᠠ ᠳᠤ ᠤᠷᠤᠯᠴᠠᠬᠤ ᠶᠢ ᠦᠨᠡᠨᠬᠦ ᠪᠠᠲᠤᠯᠠᠵᠤ᠂ ᠪᠠᠶᠢᠴᠠᠭᠠᠯᠲᠠ ᠬᠢᠯᠭᠡᠬᠦ ᠴᠢᠬᠤᠯᠠᠲᠠᠢ ᠬᠦᠮᠦᠨ ᠪᠦᠬᠦᠨ ᠴᠥᠮ ᠪᠠᠶᠢᠴᠠᠭᠠᠯᠲᠠ ᠬᠢᠯᠭᠡᠬᠦ ᠬᠡᠷᠡᠭᠲᠡᠢ᠃ ᠲᠣᠰ ᠤᠳᠠᠭᠠᠨ ᠤ ᠪᠥᠭᠡᠮ ᠬᠦᠴᠢᠯ ᠤᠨ ᠪᠠᠶᠢᠴᠠᠭᠠᠯᠲᠡ ᠶᠢᠨ ᠳ᠋ᠦᠩ ᠳᠤ ᠪᠢᠴᠢᠭ ᠤᠨ ᠬᠡᠯᠪᠡᠷᠢ ᠶᠢᠨ ᠮᠡᠳᠡᠭᠦᠯᠦᠯᠲᠡ ᠭᠠᠷᠭᠠᠬᠤ ᠦᠭᠡᠢ᠂ ᠥᠯᠢᠭᠡᠷ ᠠᠪᠤᠭᠰᠠᠨ ᠤ ᠳᠠᠷᠠᠭ᠎ᠠ 24 ᠴᠠᠭ ᠤᠨ ᠳᠣᠲᠣᠷ᠎ᠠ ᠬᠢᠵᠢᠭ ᠢ ᠰᠡᠷᠭᠡᠶᠢᠯᠡᠬᠦ ᠰᠠᠯᠠᠭ᠎ᠠ ᠮᠥᠴᠢᠷ ᠤᠨ ᠮᠡᠳᠡᠭᠳᠡᠯ ᠢ ᠣᠯᠣᠭᠰᠠᠨ ᠦᠭᠡᠢ ᠪᠣᠯ ᠪᠠᠶᠢᠴᠠᠭᠠᠯᠲᠠ ᠶᠢᠨ ᠳ᠋ᠦᠩ ᠨᠢ ᠪᠢᠯᠢᠭ ᠴᠢᠨᠠᠷᠲᠠᠢ ᠪᠣᠯᠬᠤ ᠶᠢ ᠬᠠᠷᠠᠭᠤᠯᠤᠨ᠎ᠠ᠃    ︵ ᠳᠤᠯᠤᠭ᠎ᠠ︶ ᠰᠣᠷᠢᠯᠲᠠ ᠶᠢᠨ ᠶᠠᠪᠤᠴᠠ ᠶᠢ ᠬᠤᠰᠢᠭᠤ ᠬᠠᠮ ᠵᠠᠭᠤᠴᠢᠯᠠᠭᠤᠷ ᠤᠨ ᠲᠥᠪ ᠠᠴᠠ ᠰᠢᠩᠭᠡᠭᠡᠯᠲᠡ ᠬᠢᠵᠦ᠂ ᠪᠤᠰᠤᠳ ᠬᠥᠮᠥᠰ ᠳᠤᠷ᠎ᠠ ᠪᠠᠷ ᠢᠶᠠᠨ ᠰᠡᠭᠦᠳᠡᠷ ᠲᠠᠲᠠᠬᠤ᠂ ᠳᠦᠷᠰᠦ ᠰᠢᠩᠭᠡᠭᠡᠯᠲᠡ ᠬᠢᠬᠦ ᠶᠢ ᠴᠠᠭᠠᠵᠠᠯᠠᠨ᠂ ᠬᠠᠮᠢᠶ᠎ᠠ ᠪᠦᠬᠦᠢ ᠮᠡᠳᠡᠭᠡ ᠵᠠᠩᠭᠢ᠂ ᠵᠢᠷᠤᠭ᠂ ᠰᠢᠩᠭᠡᠭᠡᠯᠲᠡ ᠵᠡᠷᠭᠡ ᠶᠢ ᠰᠦᠯᠵᠢᠶᠡᠨ ᠳᠤ ᠳᠠᠮᠵᠢᠭᠤᠯᠵᠤ ᠪᠣᠯᠬᠤ ᠦᠭᠡᠢ ᠂ ᠪᠤᠷᠤᠭᠤ ᠲᠠᠯ᠎ᠠ ᠶᠢᠨ ᠲᠤᠰᠬᠠᠯ ᠭᠠᠷᠭᠠᠵᠦ᠂ ᠪᠥᠬᠦ ᠬᠤᠰᠢᠭᠤᠨ ᠤ ᠬᠡᠪ ᠤᠨ ᠦᠢᠯᠡᠳᠪᠦᠷᠢᠯᠡᠯ ᠠᠮᠢᠳᠤᠷᠠᠯ ᠤᠨ ᠡᠮᠬᠢ ᠳᠢᠭᠯᠢᠮ ᠢ ᠨᠥᠯᠥᠭᠡᠯᠡᠬᠦ ᠠᠴᠠ ᠵᠠᠶᠢᠯᠠᠰᠬᠢᠬᠦ ᠬᠡᠷᠡᠭᠳᠡᠢ᠃    ︵ᠨᠠᠢᠮᠠ︶ ᠪᠦᠬᠦᠶᠢᠯᠡ ᠰᠠᠭᠤᠭᠠᠯᠢ ᠠᠷᠠᠳ ᠡᠷᠬᠡᠪᠰᠢ ᠪᠥᠬᠦ ᠠᠷᠠᠳ ᠤᠨ ᠪᠥᠭᠡᠮ ᠬᠦᠴᠢᠯ ᠤᠨ ᠪᠠᠶᠢᠴᠠᠭᠠᠯᠳᠠ ᠳᠤ ᠰᠠᠨᠠᠭᠠᠴᠢᠯᠠᠭ᠎ᠠ ᠠᠴᠠ ᠪᠠᠨ ᠤᠷᠤᠯᠴᠠᠬᠤ ᠬᠡᠷᠡᠭᠳᠡᠢ᠃ ᠲᠣᠰ ᠤᠳᠠᠭᠠᠨ ᠤ ᠪᠥᠬᠦ ᠠᠷᠠᠳ ᠤᠨ ᠪᠥᠭᠡᠮ ᠬᠦᠴᠢᠯ ᠤᠨ ᠪᠠᠶᠢᠴᠠᠭᠠᠯᠲᠠ ᠳᠠᠭᠤᠰᠤᠭᠰᠠᠨ ᠤ ᠳᠠᠷᠠᠭ᠎ᠠ᠂ ᠡᠯ᠎ᠡ ᠠᠵᠢᠯ ᠲᠥᠷᠥᠯ ᠤᠨ ᠭᠤᠤᠯᠯᠠᠨ ᠬᠠᠮᠢᠶᠠᠷᠬᠤ ᠰᠠᠯᠠᠭ᠎ᠠ ᠮᠥᠴᠢᠷ ᠠᠴᠠ ᠲᠡᠷᠡ ᠳᠠᠷᠤᠢ ᠳᠤᠨᠢ ᠠᠵᠢᠯ ᠲᠥᠷᠥᠯ ᠬᠤᠪᠢᠶᠠᠨ ᠬᠢᠨᠠᠨ ᠬᠠᠷᠭᠤᠭᠤᠯᠵᠤ᠂ ᠲᠣᠰ ᠡᠭᠡᠯᠵᠢ ᠶᠢᠨ ᠪᠥᠭᠡᠮ ᠬᠦᠴᠢᠯ ᠤᠨ ᠪᠠᠶᠢᠴᠠᠭᠠᠯᠲᠠ ᠳᠤ ᠤᠷᠤᠯᠴᠠᠭᠰᠠᠨ ᠦᠭᠡᠢ ᠬᠦᠮᠦᠰ ᠤᠨ ᠠᠵᠢᠯᠯᠠᠵᠦ ᠪᠠᠶᠢᠭ᠎ᠠ ᠨᠢᠭᠡᠴᠡ ᠶᠢᠨ ᠬᠢᠨᠢ ᠦᠢᠯᠡᠳᠪᠦᠷᠢᠯᠡᠯ ᠡᠵᠡᠩᠨᠡᠯᠲᠡ ᠶᠢᠨ ᠠᠵᠢᠯᠯᠠᠭ᠎ᠠ ᠶᠢ ᠨᠢ ᠲᠦᠷ ᠵᠣᠭᠰᠣᠭᠠᠨ᠎ᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠯᠪᠣᠭᠳᠠᠯ ᠪᠦᠬᠦᠢ ᠬᠠᠤᠯᠢ ᠴᠠᠭᠠᠵᠠ ᠳᠦᠷᠢᠮ ᠲᠣᠭᠲᠠᠭᠠᠯ ᠠᠴᠠ ᠵᠦᠷᠢᠴᠡᠨ᠂ ᠴᠤᠤᠷᠬᠠᠯ ᠲᠠᠷᠬᠠᠭᠠᠭᠰᠠᠳ ᠠᠴᠠ ᠬᠠᠤᠯᠢ ᠶᠣᠰᠣᠭᠠᠷ ᠬᠤᠯᠪᠣᠭᠳᠠᠯ ᠪᠦᠬᠦᠢ ᠬᠠᠤᠯᠢ ᠶᠢᠨ ᠬᠠᠷᠢᠭᠤᠴᠠᠯᠭ᠎ᠠ ᠨᠡᠬᠡᠮᠵᠢᠯᠡᠨ᠎ᠡ᠃      ᠪᠠᠷᠠᠭᠤᠨ ᠦᠵᠦᠮᠦᠴᠢᠨ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ          ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠤᠭᠤᠳᠬᠤ ᠭᠡᠯᠳᠡᠰ                  2022 ᠣᠨ ᠤ 6 ᠰᠠᠷ᠎ᠠ ᠶᠢᠨ 13 ᠤ ᠡᠳᠦᠷ
         
        ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠰᠦᠯᠵᠢᠶ᠎ᠡ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号