2022 ᠤᠨ ᠤ ᠨᠠᠮᠦᠷ ᠤᠨ ᠤᠯᠠᠷᠢᠯ ᠤᠨ ᠬᠠᠳᠤᠯᠠᠩ ᠬᠠᠳᠤᠬᠤ | ᠠᠵᠢᠯ ᠢ ᠰᠠᠶᠢᠳᠤᠷ ᠬᠢᠭᠦ ᠲᠤᠬᠠᠢ ᠪᠠᠷᠠᠭᠤᠨ ᠦᠵᠦᠮᠦᠴᠢᠨ | ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠵᠠᠷᠯᠠᠯ | 2 ᠳ᠋ᠤᠭᠠᠷ ᠲᠤᠭᠠᠲᠦ | ᠰᠢ ᠶᠢᠨ ᠫᠢᠩ ᠤᠨ ᠠᠮᠢ ᠠᠬᠤᠢ ᠶᠢᠨ ᠪᠤᠯᠪᠠᠰᠤᠨ ᠤ ᠦᠵᠡᠯ ᠰᠠᠨᠠᠭ᠎ᠠ ᠶᠢ ᠤᠯᠠᠮ ᠨᠢᠭᠡ ᠠᠯᠬᠤᠮ | ᠲᠤᠤᠱᠯᠠᠭᠤᠯᠤᠨ ᠨᠠᠶᠢᠳᠠᠪᠤᠷᠢᠵᠢᠭᠤᠯᠵᠤ᠂ ︽ᠠᠮᠢ ᠠᠬᠤᠢ ᠶᠢ ᠡᠩ ᠲᠡᠷᠢᠭᠦᠨ ᠳᠤ ᠲᠠᠯᠪᠢᠬᠤ᠂ ᠪᠤᠬᠢᠷᠳᠤᠯ ᠦᠭᠡᠢ | ᠭᠦᠭᠵᠢᠭᠦᠯᠭᠦ︾ ᠤᠶᠢᠯᠠᠭᠠᠭᠳᠠᠬᠤᠨ ᠢ ᠭᠦᠨᠵᠡᠭᠡᠢ ᠤᠶᠢᠯᠠᠳᠦᠯᠭᠡᠵᠢᠭᠦᠯᠦᠨ᠂ ᠲᠠᠯ᠎ᠠ ᠨᠤᠳᠤᠭ ᠤᠨ ᠡᠬᠢ ᠪᠠᠶᠠᠯᠢᠭ ᠢ | ᠵᠤᠬᠢᠰᠳᠠᠢ ᠠᠰᠢᠭᠯᠠᠵᠤ᠂ ᠠᠮᠢ ᠠᠬᠤᠢ ᠶᠢ ᠬᠠᠮᠠᠭᠠᠯᠠᠬᠤ ᠤᠬᠠᠮᠰᠠᠷ ᠢᠶᠠᠨ ᠦᠨᠡᠨᠬᠦ ᠲᠡᠭᠡᠭᠰᠢᠯᠡᠭᠦᠯᠦᠨ᠂ ᠦᠨᠦ ᠡᠪᠤᠯ | ᠢᠷᠡᠭᠦ ᠬᠠᠪᠤᠷ ᠤᠨ ᠮᠠᠯ ᠤᠨ ᠮᠡᠨᠳᠤ ᠤᠨᠳᠤᠷᠤᠯᠳᠠ ᠶᠢᠨ ᠪᠡᠯᠡᠳᠭᠡᠯ ᠠᠵᠢᠯ ᠵᠢᠴᠢ 2023 ᠤᠨ ᠤ ᠬᠠᠪᠤᠷ ᠤᠨ | ᠤᠯᠠᠷᠢᠯ ᠤᠨ ᠡᠪᠡᠰᠦᠨ ᠤ ᠤᠷᠭᠤᠯᠳᠠ ᠶᠢᠨ ᠬᠤᠭᠤᠴᠠᠭᠠᠨ ᠳᠠᠬᠢ ᠪᠡᠯᠴᠢᠭᠡᠷ ᠰᠡᠷᠭᠦᠭᠡᠭᠦ ᠳᠤ ᠭᠡᠷᠡᠭᠰᠡᠭᠦ ᠡᠪᠡᠰᠦ | ᠪᠤᠷᠳᠤᠭᠤᠷ ᠨᠦᠭᠡᠴᠡᠯᠡᠭᠦ ᠠᠵᠢᠯ ᠢ ᠪᠦᠳᠦᠮᠵᠢᠳᠠᠢ ᠰᠠᠶᠢᠳᠤᠷ ᠬᠢᠵᠦ᠂ ᠭᠠᠮᠰᠢᠭ ᠢ ᠰᠡᠷᠭᠡᠶᠢᠯᠡᠵᠤ ᠬᠤᠬᠢᠷᠠᠯ ᠢ | ᠪᠠᠭᠠᠰᠬᠠᠬᠤ ᠴᠢᠳᠠᠪᠤᠷᠢ ᠪᠠᠨ ᠤᠯᠠᠮ ᠨᠢᠭᠡ ᠠᠯᠬᠤᠮ ᠲᠡᠭᠡᠭᠰᠢᠯᠡᠭᠦᠯᠭᠦ ᠶᠢᠨ ᠲᠤᠯᠠᠳᠠ᠂ ︽ᠪᠦᠭᠦᠳᠠ ᠨᠠᠶᠢᠷᠠᠮᠳᠠᠬᠤ | ᠲᠤᠮᠳᠠᠳᠤ ᠠᠷᠠᠳ ᠤᠯᠤᠰ ᠤᠨ ᠲᠠᠯ᠎ᠠ ᠨᠤᠳᠤᠭ ᠤᠨ ᠬᠠᠤᠯᠢ︾᠂ ︽ᠦᠪᠤᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠦᠨᠳᠤᠰᠤᠨ ᠲᠠᠯ᠎ᠠ ᠨᠤᠳᠤᠭ ᠢ ᠬᠠᠮᠠᠭᠠᠯᠠᠬᠤ ᠲᠤᠭᠳᠠᠭᠠᠯ︾᠂ ︽ᠦᠪᠤᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠤᠢ ᠰᠢᠭᠤᠢ ᠲᠠᠯ᠎ᠠ ᠨᠤᠳᠤᠭ ᠤᠨ ᠭᠠᠯ ᠰᠡᠷᠭᠡᠶᠢᠯᠡᠭᠦ ᠲᠤᠭᠳᠠᠭᠠᠯ︾᠂ ︽ᠪᠠᠷᠠᠭᠤᠨ | ᠦᠵᠦᠮᠦᠴᠢᠨ ᠬᠤᠰᠢᠭᠤᠨ ᠤ ᠪᠠᠶᠢᠭᠠᠯᠢᠯᠢᠭ ᠬᠠᠳᠤᠯᠠᠩ ᠤᠨ ᠬᠠᠮᠢᠶᠠᠷᠤᠯᠳᠠ ᠶᠢᠨ ᠠᠷᠭ᠎ᠠ︾ ᠵᠡᠷᠭᠡ ᠬᠤᠯᠪᠤᠭᠳᠠᠯ | ᠪᠦᠭᠦᠢ ᠲᠤᠭᠳᠠᠭᠠᠯ ᠢ ᠦᠨᠳᠤᠰᠦᠯᠠᠵᠤ᠂ ᠮᠠᠨ ᠤ ᠬᠤᠰᠢᠭᠤᠨ ᠤ ᠪᠠᠨ ᠪᠤᠳᠠᠳᠠᠢ ᠲᠠᠢ ᠤᠶᠠᠯᠳᠤᠭᠤᠯᠤᠨ᠂ ᠬᠤᠰᠢᠭᠤ | ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠨᠢᠭᠡᠳᠦᠯᠳᠠᠢ ᠪᠠᠶᠢᠷᠢᠯᠠᠭᠤᠯᠤᠯᠳᠠ ᠶᠤᠰᠤᠭᠠᠷ᠂ ᠨᠠᠮᠤᠷ ᠤᠨ ᠤᠯᠠᠷᠢᠯ | ᠤᠨ ᠬᠠᠳᠤᠯᠠᠩ ᠬᠠᠳᠤᠵᠤ ᠡᠪᠡᠰᠦ ᠨᠦᠭᠡᠴᠡᠯᠡᠭᠦ ᠠᠵᠢᠯ ᠢ ᠰᠠᠶᠢᠳᠤᠷ ᠬᠢᠭᠦ ᠲᠤᠬᠠᠢ ᠵᠠᠷᠯᠠᠯ ᠢ ᠲᠤᠤᠷ᠎ᠠ ᠨᠠᠶᠢᠳᠡᠯᠡᠶᠠ᠄ | ᠨᠢᠭᠡ᠂ ᠬᠠᠳᠤᠯᠠᠩ ᠬᠠᠳᠤᠬᠤ ᠴᠠᠭ ᠬᠤᠭᠤᠴᠠᠭ᠎ᠠ | ᠮᠠᠨ ᠤ ᠬᠤᠰᠢᠭᠤᠨ ᠤ ᠠᠭᠤᠷ ᠠᠮᠢᠰᠬᠤᠯ ᠤᠨ ᠨᠦᠬᠦᠴᠡᠯ᠂ ᠪᠡᠯᠴᠢᠭᠡᠷ ᠡᠪᠡᠰᠦᠨ ᠤ ᠤᠷᠭᠤᠴᠠ ᠵᠡᠷᠭᠡ ᠭᠦᠴᠦᠨ | ᠵᠤᠶᠢᠯ ᠢ ᠭᠦᠢᠴᠡᠳ ᠪᠤᠳᠤᠯᠬᠢᠯᠠᠭᠰᠠᠨ ᠰᠠᠭᠤᠷᠢᠨ ᠲᠡᠭᠡᠷ᠎ᠡ᠂ ᠬᠤᠰᠢᠭᠤ ᠠᠷᠠᠳ ᠤᠨ ᠵᠠᠰᠠᠭ ᠤᠨ ᠤᠷᠳᠤᠨ ᠠᠴᠠ | ᠰᠤᠳᠤᠯᠤᠨ ᠶᠠᠷᠢᠯᠴᠠᠬᠤ ᠪᠠᠷ ᠲᠠᠮᠵᠢᠨ᠂ 2022 ᠤᠨ ᠤ ᠨᠠᠮᠤᠷ ᠤᠨ ᠤᠯᠠᠷᠢᠯ ᠤᠨ ᠬᠠᠳᠤᠯᠠᠩ ᠬᠠᠳᠤᠬᠤ ᠴᠠᠭ | ᠬᠤᠭᠤᠴᠠᠭ᠎ᠠ ᠶᠢ 2022 ᠣᠨ ᠤ 8 ᠰᠠᠷ᠎ᠠ ᠶᠢᠨ 20 ᠤ ᠡᠳᠦᠷ ᠠᠴᠠ ᠡᠬᠢᠯᠡᠭᠦ ᠪᠠᠷ ᠲᠤᠭᠳᠠᠵᠤ᠂ ᠶᠠᠮᠠᠷᠪᠠ | ᠪᠠᠶᠢᠭᠤᠯᠭ᠎ᠠ ᠨᠢᠭᠡᠴᠡ ᠪᠠ ᠬᠤᠪᠢ ᠬᠦᠮᠦᠨ ᠲᠤᠭᠳᠠᠭᠰᠠᠨ ᠴᠠᠭ ᠬᠤᠭᠤᠴᠠᠭ᠎ᠠ ᠠᠴᠠ ᠡᠮᠦᠨ᠎ᠠ ᠡᠪᠡᠰᠦ ᠬᠠᠳᠤᠬᠤ ᠶᠢ | ᠴᠠᠭᠠᠵᠠᠯᠠᠨ᠎ᠠ᠃ | ᠬᠤᠶᠠᠷ᠂ ᠬᠠᠳᠤᠯᠠᠩ ᠬᠠᠳᠤᠬᠤ ᠲᠦᠷᠢᠮ ᠢ ᠴᠢᠩᠭ᠎ᠠ ᠵᠢᠷᠤᠮᠯᠠᠬᠤ ᠭᠡᠷᠡᠭᠲᠡᠢ | ᠡᠯ᠎ᠡ ᠬᠠᠳᠤᠯᠠᠩ ᠬᠠᠳᠤᠵᠤ ᠨᠦᠭᠡᠴᠡᠯᠡᠭᠦ ᠨᠢᠭᠡᠴᠠ ᠪᠠ ᠬᠤᠪᠢ ᠡᠷᠦᠭᠡ ᠨᠢ ︽ᠪᠠᠷᠠᠭᠤᠨ ᠦᠵᠦᠮᠦᠴᠢᠨ ᠬᠤᠰᠢᠭᠤᠨ | ᠤ ᠪᠠᠶᠢᠭᠠᠯᠢᠯᠢᠭ ᠬᠠᠳᠤᠯᠠᠩ ᠤᠨ ᠬᠠᠮᠢᠶᠠᠷᠤᠯᠳᠠ ᠶᠢᠨ ᠠᠷᠭ᠎ᠠ︾ ᠶᠢᠨ ᠲᠤᠭᠳᠠᠭᠠᠯ ᠳᠠᠬᠢ ᠬᠠᠳᠤᠯᠠᠩ ᠬᠠᠳᠤᠬᠤ | ᠲᠦᠷᠢᠮ ᠶᠤᠰᠤᠭᠠᠷ ᠡᠪᠡᠰᠦ ᠬᠠᠳᠤᠵᠤ ᠨᠦᠭᠡᠴᠡᠯᠡᠭᠦ ᠭᠡᠷᠡᠭᠲᠡᠢ᠃ | ︵ᠨᠢᠭᠡ︶ ᠡᠭᠡᠯᠵᠢᠯᠡᠨ ᠬᠠᠳᠤᠬᠤ ᠨᠦᠭᠦᠴᠡᠯ ᠢ ᠪᠦᠷᠢᠯᠳᠦᠭᠦᠯᠦᠭᠰᠡᠨ ᠬᠠᠳᠤᠯᠠᠩ ᠤᠨ ᠲᠠᠯᠠᠪᠠᠢ ᠳᠤ ᠲᠦᠷᠪᠡᠨ | ᠲᠤᠭᠤᠷᠢᠭ ᠢ ᠲᠦᠷᠪᠡᠨ ᠵᠢᠯ ᠡᠭᠡᠯᠵᠢᠯᠠᠨ ᠬᠠᠳᠤᠬᠤ ᠪᠤᠶᠤ ᠲᠠᠪᠤᠨ ᠲᠤᠭᠤᠷᠢᠭ ᠢ ᠲᠠᠪᠤᠨ ᠵᠢᠯ ᠡᠭᠡᠯᠵᠢᠯᠡᠨ ᠬᠠᠳᠤᠬᠤ | ᠲᠦᠷᠢᠮ ᠢ ᠭᠡᠷᠡᠭᠵᠢᠭᠦᠯᠵᠤ᠂ ᠵᠢᠯ ᠪᠤᠯᠭᠠᠨ ᠠᠳᠠᠭ ᠪᠠᠭ᠎ᠠ ᠳᠠᠭᠠᠨ ᠨᠢᠭᠡ ᠲᠤᠭᠤᠷᠢᠭ ᠢ ᠨᠢ ᠦᠯᠡᠳᠡᠭᠡᠭᠦ ᠭᠡᠷᠡᠭᠲᠡᠢ᠃ | ︵ᠬᠤᠶᠠᠷ︶ ᠡᠭᠡᠯᠵᠢᠯᠡᠨ ᠬᠠᠳᠤᠬᠤ ᠨᠦᠭᠦᠴᠡᠯ ᠦᠭᠡᠢ ᠪᠤᠯ᠂ 300 ᠮᠧᠲᠷ ᠦᠷᠭᠡᠨ ᠬᠠᠳᠤᠬᠤ ᠪᠦᠷᠢ 20 ᠮᠧᠲᠷ | ᠠᠴᠠ ᠳᠡᠭᠡᠭᠰᠢ ᠦᠷᠭᠡᠨ ᠡᠪᠡᠰᠦᠨ ᠦᠷ᠎ᠠ ᠶᠢᠨ ᠪᠦᠰᠠ ᠦᠯᠡᠳᠡᠭᠡᠭᠦ ᠭᠡᠷᠡᠭᠲᠡᠢ᠃ | ︵ᠭᠤᠷᠪᠠ︶ ᠬᠠᠳᠤᠯᠠᠩ ᠬᠠᠳᠤᠬᠤ ᠲᠦᠷᠢᠮ ᠢ ᠴᠢᠩᠭ᠎ᠠ ᠭᠡᠷᠡᠭᠵᠢᠭᠦᠯᠵᠤ᠂ ᠡᠪᠡᠰᠦ ᠬᠠᠳᠤᠬᠤ ᠦᠶᠡᠰ ᠡᠪᠡᠰᠦᠨ ᠤ | ᠦᠨᠳᠦᠷ ᠤᠨ ᠬᠡᠮᠵᠢᠶ᠎ᠡ ᠶᠢ 6 ᠰᠨᠨᠲ᠋ᠢᠮᠧᠲᠷ ᠠᠴᠠ ᠲᠡᠭᠡᠭᠰᠢ ᠦᠯᠡᠳᠡᠭᠡᠭᠦ ᠬᠡᠷᠡᠭᠲᠡᠢ᠃ | ︵ᠲᠦᠷᠪᠡ︶ ᠤᠷᠭᠤᠮᠠᠯ ᠤᠨ ᠬᠤᠴᠢᠯᠭ᠎ᠠ ᠶᠢᠨ ᠬᠡᠮᠵᠢᠶ᠎ᠡ ᠨᠢ 30% ᠠᠴᠠ ᠳᠤᠷᠤᠭᠰᠢ ᠪᠤᠶᠤ ᠡᠪᠡᠰᠦᠨ ᠤ | ᠳᠤᠮᠳᠠᠴᠢ ᠦᠨᠳᠦᠷ ᠤᠨ ᠬᠡᠮᠵᠢᠶ᠎ᠡ ᠨᠢ 15 ᠰᠨᠨᠲ᠋ᠢᠮᠧᠲᠷ ᠠᠴᠠ ᠳᠤᠷᠤᠭᠰᠢ᠂ ᠬᠠᠭᠤᠷᠠᠢ ᠡᠪᠡᠰᠦᠨ ᠤ ᠭᠠᠷᠤᠯᠳᠠ | ᠶᠢᠨ ᠬᠡᠮᠵᠢᠶ᠎ᠡ ᠨᠢ ᠮᠤ᠋ ᠪᠦᠷᠢ 30 ᠺᠢᠯᠤᠭ᠍ᠷᠠᠮ ᠠᠴᠠ ᠳᠤᠷᠤᠭᠰᠢ ᠬᠠᠳᠤᠯᠠᠩ ᠢ ᠬᠠᠳᠤᠬᠤ ᠶᠢ ᠴᠠᠭᠠᠵᠠᠯᠠᠨ᠎ᠠ᠃ | ᠭᠤᠷᠪᠠ᠂ ᠪᠤᠰᠤᠳ ᠱᠠᠭᠠᠷᠳᠠᠯᠭ᠎ᠠ | ︵ᠨᠢᠭᠡ︶ ᠤᠰᠤ ᠴᠢᠬᠢᠭ ᠢ ᠬᠠᠮᠠᠭᠠᠯᠠᠬᠤ ᠶᠢᠨ ᠳᠦᠯᠦᠭᠡ᠂ ᠡᠪᠡᠰᠤ ᠬᠠᠳᠤᠬᠤ ᠳᠠᠭᠠᠨ ᠬᠡᠳᠤ ᠬᠠᠮᠤᠬᠤ ᠶᠢ | ᠴᠠᠭᠠᠵᠠᠯᠠᠵᠦ᠂ ᠲᠤᠭᠤᠷᠢᠭ ᠭᠡᠯᠪᠡᠷᠢ ᠶᠢᠨ ᠡᠪᠡᠰᠦ ᠬᠠᠮᠤᠬᠤ ᠮᠠᠰᠢᠨ ᠢ ᠭᠡᠷᠡᠭᠯᠡᠭᠦ ᠶᠢ ᠴᠠᠭᠠᠵᠠᠯᠠᠨ᠎ᠠ᠃ | ︵ᠬᠤᠶᠠᠷ︶ ᠵᠦᠬᠡᠬᠡᠪᠦᠷᠢ ᠶᠢᠨ ᠳᠡᠷᠬᠡ ᠤᠨᠤᠭ᠎ᠠ ᠨᠢ ᠨᠤᠲᠤᠭ ᠪᠡᠯᠴᠢᠭᠡᠷ ᠲᠡᠭᠡᠷ᠎ᠡ ᠳᠤᠭᠳᠠᠭᠰᠠᠨ ᠵᠠᠮ ᠱᠤᠭᠤᠮ ᠢᠶᠠᠷ | ᠠᠶᠠᠯᠠᠵᠦ᠂ 20 ᠳᠤᠨ ᠠᠴᠠ ᠳᠡᠬᠡᠭᠰᠢᠬᠢ ᠳᠤᠮᠤ ᠬᠡᠯᠪᠡᠷᠢ ᠶᠢᠨ ᠵᠦᠬᠡᠬᠡᠪᠦᠷᠢ ᠶᠢᠨ ᠳᠡᠷᠬᠡ ᠬᠠᠳᠤᠯᠠᠩ ᠤᠨ ᠲᠠᠯᠠᠪᠠᠢ | ᠳᠤ ᠤᠷᠤᠬᠤ ᠶᠢ ᠴᠢᠩᠭ᠎ᠠ ᠴᠠᠭᠠᠵᠠᠯᠠᠨ᠎ᠠ᠃ | ︵ᠭᠤᠷᠪᠠ︶ ᠲᠠᠯᠬᠢᠭᠳᠠᠯ ᠤᠨ ᠴᠢᠨᠠᠷᠳᠠᠢ ᠬᠠᠳᠤᠯᠠᠩ ᠬᠠᠳᠤᠬᠤ ᠠᠵᠢᠯᠯᠠᠭ᠎ᠠ ᠶᠢ ᠴᠠᠭᠠᠵᠠᠯᠠᠨ᠂ ᠬᠠᠳᠤᠯᠠᠩ ᠬᠠᠳᠤᠬᠤ | ᠱᠠᠭᠠᠷᠳᠠᠯᠭ᠎ᠠ ᠶᠢ ᠴᠢᠩᠭ᠎ᠠ ᠭᠡᠷᠡᠭᠵᠢᠭᠦᠯᠦᠨ᠎ᠠ᠃ ᠬᠠᠳᠤᠯᠠᠩ ᠬᠠᠳᠤᠬᠤ ᠳᠤ ᠡᠷᠭᠡᠪᠰᠢ ︽ᠪᠠᠷᠠᠭᠤᠨ ᠦᠵᠦᠮᠦᠴᠢᠨ | ᠬᠤᠰᠢᠭᠤᠨ ᠤ ᠪᠠᠶᠢᠭᠠᠯᠢᠯᠢᠭ ᠬᠠᠳᠤᠯᠠᠩ ᠤᠨ ᠬᠠᠮᠢᠶᠠᠷᠤᠯᠳᠠ ᠶᠢᠨ ᠠᠷᠭ᠎ᠠ︾ ᠶᠢᠨ ᠬᠤᠯᠪᠤᠭᠳᠠᠯ ᠪᠦᠭᠦᠢ ᠲᠤᠭᠳᠠᠭᠠᠯ | ᠢ ᠴᠢᠩᠭ᠎ᠠ ᠵᠢᠷᠤᠮᠯᠠᠵᠤ᠂ ᠡᠪᠡᠰᠦ ᠪᠡᠯᠴᠢᠭᠡᠷ ᠰᠡᠷᠭᠦᠵᠤ ᠲᠡᠶᠢᠯᠭᠦ ᠦᠭᠡᠢ ᠠᠴᠠ ᠪᠤᠯᠵᠤ ᠤᠷᠭᠤᠮᠠᠯ ᠤᠨ ᠪᠦᠷᠭᠦᠴᠠ ᠵᠢᠯ | ᠲᠠᠷᠠᠭᠠᠯᠠᠨ ᠮᠠᠭᠤᠳᠠᠬᠤ ᠠᠴᠠ ᠵᠠᠶᠢᠯᠠᠰᠬᠢᠨ᠎ᠠ᠃ | ︵ᠲᠦᠷᠪᠡ︶ ᠡᠯ᠎ᠡ ᠰᠤᠮᠤ ᠪᠠᠯᠭᠠᠰᠤ ᠨᠢ ᠬᠠᠷᠢᠶ᠎ᠠ ᠤᠷᠤᠨ ᠤ ᠪᠠᠨ ᠡᠪᠡᠰᠤ ᠪᠤᠷᠳᠤᠭᠠᠨ ᠤ ᠨᠦᠭᠡᠴᠡᠯᠡᠬᠦ ᠬᠡᠮᠵᠢᠶ᠎ᠡ ᠶᠢ | ᠪᠠᠳᠤᠯᠠᠭᠰᠠᠨ ᠰᠠᠭᠤᠷᠢᠨ ᠳᠡᠭᠡᠷ᠎ᠡ᠂ ᠬᠤᠰᠢᠭᠤᠨ ᠳᠤᠳᠤᠷ᠎ᠠ ᠪᠠᠨ ᠲᠤᠬᠢᠷᠠᠭᠤᠯᠤᠨ ᠪᠤᠷᠤᠯᠠᠭᠤᠯᠵᠤ ᠪᠤᠯᠤᠨ᠎ᠠ᠃ | ︵ᠲᠠᠪᠤ︶ ᠬᠠᠪᠤᠷ ᠤᠨ ᠤᠯᠠᠷᠢᠯ ᠤᠨ ᠪᠡᠯᠴᠢᠭᠡᠷ ᠰᠡᠷᠭᠦᠭᠡᠬᠦ 45 ᠡᠳᠦᠷ ᠤᠨ ᠬᠤᠭᠤᠴᠠᠭᠠᠨ ᠤ ᠪᠡᠯᠴᠢᠭᠡᠷᠯᠡᠭᠦᠯᠬᠦ ᠶᠢ | ᠵᠤᠭᠰᠤᠭᠠᠬᠤ ᠱᠠᠭᠠᠷᠳᠠᠯᠭ᠎ᠠ ᠶᠤᠰᠤᠭᠠᠷ᠂ ᠡᠪᠡᠰᠦ ᠬᠡᠷᠡᠭᠯᠡᠬᠦ ᠬᠡᠷᠡᠭᠴᠡᠭᠡ ᠪᠠᠨ ᠣᠨᠣᠪᠴᠢᠲᠠᠶ ᠪᠤᠳᠤᠨ᠂ ᠡᠪᠡᠰᠦ | ᠪᠣᠷᠳᠤᠭ᠎ᠠ ᠨᠦᠭᠡᠴᠡᠯᠡᠬᠦ ᠠᠵᠢᠯ ᠢ ᠰᠠᠶᠢᠳᠤᠷ ᠬᠢᠬᠦ ᠬᠡᠷᠡᠭᠳᠡᠢ᠃ | ︵ᠵᠢᠷᠭᠤᠭ᠎ᠠ︶ ︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠲᠠᠯ᠎ᠠ ᠨᠤᠳᠤᠭ ᠤᠨ ᠭᠠᠯ | ᠰᠡᠷᠭᠡᠶᠢᠯᠡᠭᠦ ᠲᠤᠭᠳᠠᠭᠠᠯ︾ ᠢ ᠴᠢᠩᠭ᠎ᠠ ᠨᠠᠶᠢᠳᠠᠪᠤᠷᠢᠵᠢᠭᠤᠯᠵᠤ᠂ ᠬᠡᠭᠡᠷ᠎ᠡ ᠭᠠᠳᠠᠭ᠎ᠠ ᠭᠠᠯ ᠬᠡᠷᠡᠭᠯᠡᠬᠦ ᠶᠢ ᠡᠷᠡᠰ | ᠴᠠᠭᠠᠵᠠᠯᠠᠨ᠂ ᠭᠠᠯ ᠭᠡᠷᠡᠭᠯᠡᠭᠦ ᠳᠡᠭᠡᠨ ᠡᠷᠭᠡᠪᠰᠢ ᠬᠤᠰᠢᠭᠤ ᠭᠠᠯ ᠰᠡᠷᠭᠡᠶᠢᠯᠡᠭᠦ ᠵᠢᠯᠤᠭᠤᠳᠬᠤ ᠭᠠᠵᠠᠷ ᠤᠨ ᠬᠤᠯᠪᠤᠭᠳᠠᠯ | ᠪᠦᠭᠦᠢ ᠱᠠᠭᠠᠷᠳᠠᠯᠭ᠎ᠠ ᠶᠢ ᠴᠢᠩᠭ᠎ᠠ ᠭᠡᠷᠡᠭᠵᠢᠭᠦᠯᠭᠦ ᠭᠡᠷᠡᠭᠲᠡᠢ᠃ | ︵ᠳᠤᠯᠤᠭ᠎ᠠ︶ ᠬᠤᠭ ᠨᠤᠪᠰᠢ ᠪᠠᠨ ᠲᠦᠷᠢᠮᠵᠢᠯ ᠲᠠᠢ ᠰᠢᠢᠳᠪᠤᠷᠢᠯᠡᠨ᠂ ᠬᠠᠳᠤᠯᠠᠩ ᠬᠠᠳᠤᠵᠦ ᠪᠠᠶᠢᠬᠤ ᠬᠦᠮᠦᠰ | ᠡᠯ᠎ᠡ ᠲᠦᠷᠦᠯ ᠤᠨ ᠬᠤᠭ ᠨᠤᠪᠰᠢ ᠪᠠᠨ ᠰᠠᠶᠢᠳᠤᠷ ᠬᠤᠷᠢᠶᠠᠨ ᠰᠢᠢᠳᠪᠦᠷᠢᠯᠡᠵᠦ᠂ ᠬᠤᠭ ᠨᠤᠪᠰᠢ ᠶᠢ ᠲᠤᠷ᠎ᠠ ᠪᠠᠷ | ᠪᠠᠨ ᠭᠠᠳᠠᠨ᠎ᠠ ᠬᠠᠶᠠᠬᠤ ᠶᠢ ᠴᠠᠭᠠᠵᠠᠯᠠᠨ᠂ ᠦᠢᠯᠡᠳᠪᠤᠷᠢᠯᠡᠯ ᠠᠮᠢᠳᠤᠷᠠᠯ ᠤᠨ ᠬᠠᠶᠠᠭᠳᠠᠮᠠᠯ ᠨᠤᠪᠰᠢ ᠪᠠᠨ ᠪᠤᠬᠢᠷᠳᠤᠯ | ᠦᠭᠡᠢ ᠰᠢᠢᠳᠪᠤᠷᠢᠯᠡᠬᠦ ᠬᠡᠷᠡᠭᠳᠡᠢ᠃ | ︵ᠨᠠᠢᠮᠠ︶ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠩᠭᠤᠵᠢᠭᠤᠯᠤᠭᠰᠠᠨ ᠬᠠᠮᠢᠶᠠᠷᠤᠯᠲᠠ ᠶᠢ ᠴᠢᠩᠭ᠎ᠠ | ᠨᠠᠶᠢᠳᠠᠪᠤᠷᠢᠵᠢᠭᠤᠯᠵᠤ᠂ ︽ᠬᠡᠨ ᠠᠵᠢᠯᠴᠢᠨ ᠬᠡᠷᠡᠭᠯᠡᠪᠡᠯ ᠬᠡᠨ ᠬᠠᠮᠢᠶᠠᠷᠬᠤ᠂ ᠬᠡᠨ ᠬᠢᠨᠠᠨ ᠬᠠᠮᠢᠶᠠᠷᠪᠠᠯ ᠬᠡᠨ | ᠬᠠᠷᠢᠭᠤᠴᠠᠬᠤ︾ ᠵᠠᠷᠴᠢᠮ ᠶᠣᠰᠣᠭᠠᠷ᠂ ᠡᠯ᠎ᠡ ᠨᠢᠭᠡᠴᠡ ᠪᠠ ᠬᠤᠪᠢ ᠬᠥᠮᠥᠨ ᠨᠢ ᠡᠪᠡᠰᠦ ᠬᠠᠳᠤᠬᠤ | ᠬᠤᠭᠤᠴᠠᠭᠠᠨ ᠳᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠯᠪᠣᠭᠳᠠᠯ ᠪᠦᠬᠦᠢ ᠲᠣᠭᠲᠠᠭᠠᠯ ᠢ ᠴᠢᠩᠭ᠎ᠠ | ᠵᠢᠷᠤᠮᠯᠠᠵᠤ᠂ ᠬᠥᠯᠥᠰᠦᠯᠡᠭᠰᠡᠨ ᠬᠦᠮᠦᠰ ᠤᠨ ᠦᠨᠡᠮᠯᠡᠯ ᠭᠡᠷᠡᠴᠢ ᠶᠢ ᠪᠠᠶᠢᠴᠠᠭᠠᠨ ᠰᠢᠯᠭᠠᠬᠤ᠂ ᠪᠡᠶ᠎ᠡ ᠶᠢᠨ ᠳᠤᠯᠠᠭᠠᠨ ᠢ | ᠪᠠᠶᠢᠴᠠᠭᠠᠨ ᠬᠡᠮᠵᠢᠬᠦ᠂ ᠳᠡᠩᠰᠡᠯᠡᠨ ᠲᠡᠮᠳᠡᠭᠯᠡᠵᠦ ᠺᠣᠳ᠋ ᠰᠢᠷᠪᠢᠬᠦ ᠵᠡᠷᠭᠡ ᠬᠠᠮᠢᠶ᠎ᠠ ᠪᠦᠬᠦᠢ ᠠᠵᠢᠯ ᠢ ᠰᠠᠶᠢᠲᠤᠷ ᠬᠢᠬᠦ | ᠬᠡᠷᠡᠭᠲᠡᠢ᠃ | ᠡᠭᠦᠨ ᠤ ᠲᠤᠯᠠ ᠣᠨᠴᠠᠭᠠᠶᠢᠯᠠᠨ ᠵᠠᠷᠯᠠᠪᠠ | | ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ | 2022 ᠤᠨ ᠤ 8 ᠰᠠᠷ᠎ᠠ ᠶᠢᠨ 11 ᠤ ᠡᠳᠦᠷ | | |