︿ᠬᠦᠳᠡᠭᠡ ᠨᠣᠳᠤᠭ﹀ ᠠᠮᠢᠳᠣ ᠮᠠᠯ ᠤᠨ ᠵᠠᠬ᠎ᠠ ᠥᠷᠭᠡᠳᠬᠡᠨ ᠡᠵᠡᠩᠨᠡᠯᠡ | | 9 ᠰᠠᠷ᠎ᠠ ᠶᠢᠨ 21 ᠤ ᠡᠳᠦᠷ ᠭᠤᠷᠣᠬᠠᠨ ᠪᠠᠯᠭᠠᠰᠣᠨ ᠤ ︿ᠬᠦᠳᠡᠭᠡ ᠨᠣᠳᠤᠭ﹀ ᠠᠮᠢᠳᠣ ᠮᠠᠯ ᠤᠨ | ᠰᠣᠯᠢᠯᠴᠠᠭᠠᠨ ᠤ ᠵᠠᠬ᠎ᠠ ᠨᠢ ᠡᠨᠡ ᠨᠠᠮᠣᠷ ᠤᠨ ᠠᠩᠬᠠᠨ ᠤ ᠰᠣᠯᠢᠯᠴᠠᠭ᠎ᠠ ᠪᠠᠨ ᠡᠬᠢᠯᠡᠬᠦᠯᠵᠦ᠂ ᠮᠠᠯ ᠤᠨ ᠠᠷᠠᠯᠵᠢᠶ᠎ᠠ | ᠰᠣᠯᠢᠯᠴᠠᠭᠠᠨ ᠳᠤ ᠨᠡᠩ ᠥᠷᠭᠡᠨ ᠵᠠᠬ᠎ᠠ ᠵᠠᠢ ᠬᠠᠩᠭᠠᠬᠤ ᠪᠣᠯᠣᠯ᠎ᠠ᠃ | ᠥᠷᠯᠦᠭᠡ ᠡᠷᠳᠡ ᠬᠦᠳᠡᠭᠡ ᠨᠣᠳᠤᠭ ᠠᠮᠢᠳᠦ ᠮᠠᠯ ᠤᠨ ᠰᠣᠯᠢᠯᠴᠠᠭᠠᠨ ᠤ ᠭᠠᠵᠠᠷ ᠲᠤ ᠮᠠᠯᠴᠢᠳ ᠵᠦᠭ | ᠪᠦᠷᠢ ᠠᠴᠠ ᠦᠭᠡᠷ ᠠᠳᠣᠭᠤ ᠪᠠᠨ ᠲᠡᠭᠡᠭᠡᠨ ᠢᠷᠡᠵᠡᠭᠡᠵᠦ ᠡᠮᠬᠢ ᠲᠠᠷᠠᠭ᠎ᠠ ᠲᠠᠢ ᠪᠠᠷ ᠪᠠᠭᠤᠯᠭᠠᠨ ᠪᠠᠶᠢᠷᠢᠯᠠᠭᠤᠯᠵᠣ᠂ | ᠬᠠᠷᠠᠮᠦᠷᠢᠨ ᠂ ᠾᠧᠪᠸᠢ᠂ ᠲᠦᠨᠪᠦᠦ ᠵᠡᠷᠭᠡ ᠣᠯᠠᠨ ᠭᠠᠵᠠᠷ ᠠᠴᠠ ᠬᠦᠷᠦᠯᠴᠡᠨ ᠢᠷᠡᠭᠰᠡᠨ ᠠᠷᠠᠯᠴᠢᠶᠠᠴᠢᠳ ᠴᠦ | ᠰᠣᠯᠢᠯᠴᠠᠭᠠᠨ ᠤ ᠵᠠᠬ᠎ᠠ ᠶᠢᠨ ᠲᠦᠷᠢᠮ ᠶᠣᠰᠣᠭᠠᠷ ᠰᠣᠯᠢᠯᠴᠠᠭ᠎ᠠ ᠳᠤ ᠣᠷᠣᠯᠴᠠᠬᠤ ᠪᠠᠷ ᠪᠡᠯᠡᠳᠭᠡᠭᠰᠡᠨ ᠪᠠᠶᠢᠯ᠎ᠠ᠃ | ᠬᠦᠳᠡᠭᠡ ᠨᠣᠳᠤᠭ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠨᠢ 2018 ᠣᠨ ᠳᠤ ᠭᠤᠷᠣᠬᠠᠨ ᠪᠠᠯᠭᠠᠰᠣᠨ | ᠲᠡᠭᠡᠷ᠎ᠡ ᠡᠵᠡᠩᠨᠡᠯᠲᠡ ᠪᠠᠨ ᠡᠬᠢᠯᠡᠭᠦᠯᠦᠭᠰᠡᠨ ᠠᠴᠠ ᠨᠠᠰᠢ ᠭᠤᠷᠣᠬᠠᠨ ᠪᠠᠯᠭᠠᠰᠣᠨ ᠤ ᠣᠶᠢᠷ᠎ᠠ ᠲᠦᠰᠦᠷ ᠤᠨ ᠭᠠᠴᠠᠭ᠎ᠠ | ᠂ ᠵᠡᠷᠭᠡᠯᠡᠳᠡᠭᠡ ᠰᠣᠮᠣ ᠪᠠᠯᠭᠠᠰᠣ ᠵᠢᠴᠢ ᠵᠡᠭᠦᠨ ᠦᠵᠦᠮᠦᠴᠢᠨ ᠬᠤᠰᠢᠭᠤᠨ ᠤ ᠣᠶᠢᠷ᠎ᠠ ᠬᠠᠪᠢ ᠶᠢᠨ ᠮᠠᠯᠴᠢᠳ ᠲᠤ | ᠮᠠᠯ ᠣᠨᠤᠭ᠎ᠠ ᠪᠠᠨ ᠬᠤᠳᠠᠯᠳᠣᠵᠣ ᠪᠣᠷᠣᠯᠭᠤᠯᠬᠤ ᠳᠤ ᠲᠦᠬᠦᠮ ᠲᠦᠳᠡ ᠨᠦᠬᠦᠴᠡᠯ ᠪᠣᠯᠣᠮᠵᠢ ᠶᠢ ᠬᠠᠩᠭᠠᠭᠰᠠᠭᠠᠷ | ᠢᠷᠡᠵᠡᠢ᠃ ᠲᠣᠰ ᠠᠮᠢᠳᠣ ᠮᠠᠯ ᠤᠨ ᠰᠣᠯᠢᠯᠴᠠᠭᠠᠨ ᠤ ᠭᠠᠵᠠᠷ ᠨᠢ ᠣᠭ ᠲᠠᠭᠠᠨ 1000 ᠭᠠᠷᠣᠢ ᠮᠠᠯ ᠢ | ᠪᠠᠭᠳᠠᠭᠠᠳᠠᠭ ᠪᠠᠶᠢᠭᠰᠠᠨ ᠪᠣᠯ ᠡᠨᠡ ᠵᠢᠯ ᠥᠷᠭᠡᠳᠬᠡᠨ ᠪᠠᠶᠢᠭᠤᠯᠣᠭᠠᠳ 5000 ᠲᠤᠯᠤᠭᠠᠢ ᠮᠠᠯ ᠢ ᠪᠠᠭᠳᠠᠭᠠᠵᠣ | ᠴᠢᠳᠠᠬᠤᠶᠢᠴᠠ ᠬᠡᠮᠵᠢᠶ᠎ᠡ ᠲᠠᠢ ᠪᠣᠯᠣᠭᠰᠠᠨ ᠢᠶᠠᠷ ᠮᠠᠯᠴᠢᠳ ᠤᠨ ᠮᠠᠯ ᠣᠨᠤᠭ᠎ᠠ ᠪᠠᠨ ᠠᠪᠴᠢᠷᠠᠨ ᠪᠣᠷᠣᠯᠠᠭᠤᠯᠬᠤ ᠳᠤ | ᠨᠡᠩ ᠥᠷᠭᠡᠨ ᠵᠠᠬ᠎ᠠ ᠵᠠᠢ ᠶᠢ ᠬᠠᠩᠭᠠᠵᠣ ᠦᠭᠭᠦ ᠪᠣᠯᠣᠭᠰᠠᠨ ᠪᠠᠶᠢᠨ᠎ᠠ᠃ | | | | |