365bet知乎_365bet官方体育投注_365bet娱乐场平台珠穆沁旗蒙古文政务门户网站 365bet知乎_365bet官方体育投注_365bet娱乐场平台

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠦᠵᠦᠮᠦᠴᠢᠨ ᠤᠶᠤᠳᠠᠯ ᠢᠶᠠᠷ ᠪᠠᠭ᠋ᠠᠷᠬᠠᠳᠠᠭ ᠡᠷᠳᠡᠨᠢᠴᠡᠴᠡᠭ
        ᠨᠡᠶᠢᠲᠡᠯᠡᠭᠰᠡᠨ ᠴᠠᠭ᠄
        2023/1/11
                      ᠦᠵᠦᠮᠦᠴᠢᠨ ᠤᠶᠤᠳᠠᠯ ᠢᠶᠠᠷ ᠪᠠᠭ᠋ᠠᠷᠬᠠᠳᠠᠭ ᠡᠷᠳᠡᠨᠢᠴᠡᠴᠡᠭ                                   ᠦᠵᠦᠮᠦᠴᠢᠨ ᠬᠤᠪᠴᠠᠰᠣ ᠵᠠᠰᠠᠯ ᠨᠢ ᠴᠡᠪᠡᠷ ᠪᠤᠷᠤᠭᠵᠢᠭᠤᠨ ᠬᠡᠪ ᠶᠠᠩᠵᠤ ᠪᠠᠷ ᠢᠶᠠᠨ ᠪᠤᠰᠤᠳ ᠣᠷᠣᠨ ᠨᠣᠳᠤᠭ ᠠᠴᠠ ᠣᠨᠴᠠᠯᠠᠭᠳᠠᠳᠠᠭ᠃ ᠡᠨᠡ ᠰᠠᠶᠢᠬᠠᠨ ᠦᠢᠯᠡ ᠤᠶᠤᠳᠠᠯ ᠤᠨ ᠲᠣᠷᠭᠠᠨ ᠵᠢᠯᠣᠭᠤ ᠶᠢ ᠥᠪᠯᠡᠨ ᠤᠯᠠᠮᠵᠢᠯᠠᠵᠤ ᠶᠠᠪᠤᠭ᠎ᠠ ᠦᠢ ᠤᠯᠠᠨ ᠪᠦᠰᠡᠭᠦᠶᠢᠴᠣᠣᠯ ᠤᠨ ᠳᠣᠳᠣᠷ᠎ᠠ ᠠᠴᠠ ᠪᠠᠷᠠᠭᠤᠨ ᠦᠵᠦᠮᠦᠴᠢᠨ ᠬᠤᠰᠢᠭᠤᠨ ᠤ ᠭᠤᠷᠤᠬᠠᠨ ᠪᠠᠯᠭᠠᠰᠤᠨ ᠤ ᠲᠤᠯᠭ᠎ᠠ ᠭᠠᠴᠠᠭᠠᠨ ᠤ ᠮᠠᠯᠴᠢᠨ ᠪᠦᠰᠡᠭᠦᠢ ᠡᠷᠳᠡᠨᠢᠴᠡᠴᠡᠭ ᠴᠤ ᠦᠷᠭᠦᠯᠵᠢ ᠦᠢᠯᠡ ᠣᠶᠣᠳᠠᠯ ᠤᠨ ᠠᠵᠢᠯ ᠳᠤ ᠤᠨᠠᠭᠰᠠᠨ ᠮᠠᠯᠠᠭᠠᠢ ᠠᠪᠬᠤ ᠴᠢᠯᠦᠭᠡ ᠦᠭᠡᠢ ᠬᠡᠮᠡᠷ ᠶᠠᠭᠠᠷᠠᠵᠤ᠂ ᠴᠢᠨᠠᠷᠯᠢᠭ ᠰᠠᠶᠢᠬᠠᠨ ᠤᠶᠤᠵᠤ ᠱᠠᠭᠯᠠᠭᠰᠠᠨ ᠪᠦᠳᠦᠭᠡᠭᠳᠡᠭᠦᠨ ᠢᠶᠠᠨ ᠥᠪᠡᠷ ᠪᠣᠰᠣᠳ ᠠᠴᠠ ᠬᠢᠮᠳᠠ ᠪᠠᠷ ᠣᠶᠣᠵᠣ ᠪᠣᠷᠣᠯᠠᠭᠤᠯᠤᠭᠠᠳ ᠬᠦᠮᠦᠰ ᠤᠨ ᠠᠩᠬᠠᠷᠣᠯ ᠢ ᠡᠷᠬᠡ ᠦᠭᠡᠢ ᠳᠠᠲᠠᠵᠣ ᠶᠠᠪᠤᠨ᠎ᠠ᠃
              ᠶᠠᠮᠠᠷᠴᠤ ᠶᠠᠭᠤᠮ᠎ᠠ ᠶᠢ ᠬᠢᠵᠦ ᠰᠣᠷᠬᠤ ᠳᠤ ᠴᠦᠭᠦᠷᠡᠯ ᠦᠭᠡᠢ ᠣᠷᠣᠯᠳᠣᠯᠭ᠎ᠠ ᠪᠠ ᠴᠢᠷᠮᠠᠶᠢᠯᠭ᠎ᠠ ᠳᠤ ᠲᠦᠰᠢᠭᠯᠡᠨ᠎ᠡ ᠭᠡᠵᠦ ᠡᠷᠳᠡᠨᠢᠴᠡᠴᠡᠭ ᠣᠶᠢᠯᠭᠠᠯᠲᠠ ᠪᠠᠨ ᠢᠯᠡᠬᠡᠨ ᠶᠠᠷᠢᠨ᠎ᠠ᠃ ᠦᠩᠭᠡᠷᠡᠭᠰᠡᠨ ᠳᠤ ᠬᠦᠳᠡᠭᠡ ᠨᠤᠳᠤᠭ ᠤᠨ ᠮᠠᠯᠴᠢᠳ ᠤᠨ ᠠᠮᠢᠳᠣᠷᠠᠯ ᠠᠬᠤᠢ ᠶᠢᠨ ᠲᠦᠪᠰᠢᠨ ᠳᠣᠣᠷ᠎ᠠ᠂ ᠣᠯᠣᠰ ᠭᠡᠷ ᠬᠠᠷᠠᠬᠠᠨ ᠬᠦᠭᠵᠢᠭᠡ ᠦᠭᠡᠢ ᠪᠠᠶᠢᠭᠰᠠᠨ ᠠᠴᠠ ᠣᠯᠠᠩᠬᠢ ᠠᠶᠢᠯ ᠡᠷᠦᠬᠡ ᠨᠢ ᠬᠡᠦᠬᠡᠳ ᠢᠶᠠᠨ ᠰᠣᠷᠭᠠᠭᠤᠯᠢ ᠳᠤ ᠰᠠᠭᠤᠯᠭᠠᠬᠤ ᠨᠦᠭᠦᠴᠡᠯ ᠳᠣᠲᠠᠮᠠᠭ ᠪᠢᠯᠡ᠃ ᠬᠠᠷᠢᠨ ᠪᠠᠭ᠎ᠠ ᠠᠴᠠ ᠨᠢ ᠦᠢᠯᠡ ᠤᠶᠤᠳᠠᠯ ᠠᠵᠢᠯ ᠬᠦᠳᠡᠯᠮᠦᠷᠢ ᠳᠤ ᠪᠡᠶᠡᠴᠢᠯᠡᠨ ᠰᠣᠷᠭᠠᠳᠠᠭ ᠭᠡᠷ ᠤᠨ ᠬᠦᠮᠦᠵᠢᠯ ᠨᠢ ᠬᠡᠦᠬᠡᠳ ᠪᠠᠭᠠᠴᠣᠳ ᠤᠨ ᠬᠠᠲᠠᠭᠤᠵᠢᠯᠲᠠᠢ ᠪᠤᠷᠤᠭᠵᠢᠭᠤᠨ ᠥᠰᠴᠦ ᠦᠨᠳᠡᠶᠢᠬᠦ ᠲᠠᠢ ᠨᠢᠭᠲᠠ ᠬᠤᠯᠪᠤᠭ᠎ᠠ ᠲᠠᠢ ᠶᠤᠮ᠃ ᠳᠡᠭᠡᠷ᠎ᠡ ᠵᠠᠭᠤᠨ ᠤ ᠳᠠᠯᠠᠭᠠᠳ ᠣᠨ ᠪᠣᠯ ᠶᠠᠭ ᠨᠡᠭᠦᠳᠡᠯ ᠮᠠᠯᠵᠢᠯ ᠤᠨ ᠴᠠᠭ ᠦᠶ᠎ᠡ ᠪᠠᠶᠢᠵᠦ ᠂ ᠬᠠᠨᠶᠠᠭ᠎ᠠ ᠵᠡᠷᠭᠡᠴᠡᠨ ᠪᠠᠭᠤᠭᠰᠠᠨ ᠤᠳᠤᠷ ᠤᠨ ᠠᠶᠢᠯ ᠤᠳ ᠬᠤᠭᠤᠷᠤᠨᠳᠣ ᠪᠠᠨ ᠬᠠᠪᠰᠣᠷᠣᠯᠴᠠᠵᠤ ᠠᠵᠢᠯ ᠢᠶᠠᠨ ᠪᠡᠶᠡᠯᠡᠭᠦᠯᠳᠡᠭ᠃ ᠲᠡᠷᠡ ᠦᠶ᠎ᠡ ᠳᠤ ᠠᠷᠪᠠᠭᠠᠳ ᠨᠠᠰᠤᠨ ᠤ ᠬᠡᠦᠬᠡᠨᠴᠦᠳ ᠪᠠᠷᠤᠭ ᠨᠢ ᠠᠶᠢᠯ ᠳᠤ ᠵᠠᠯᠠᠭᠳᠠᠨ ᠣᠷᠠᠨ ᠳᠤ ᠰᠠᠭᠤᠵᠦ ᠲᠡᠷᠯᠢᠭ ᠵᠤᠪᠴᠠᠭ᠎ᠠ ᠣᠶᠣᠵᠣ᠂ ᠣᠶᠣᠳᠠᠯ ᠳᠤ ᠴᠠᠭᠠᠷᠠᠳᠠᠭ ᠪᠠᠶᠢᠵᠠᠢ᠃
              ᠡᠷᠳᠡᠨᠢᠴᠡᠴᠡᠭ ᠴᠦ ᠭᠡᠷ ᠲᠡᠭᠡᠨ ᠠᠬ᠎ᠠ ᠲᠡᠭᠦᠦ ᠤᠯᠠᠭᠤᠯᠠ ᠪᠤᠯᠬᠤᠷ ᠰᠣᠷᠭᠠᠭᠤᠯᠢ ᠰᠣᠶᠣᠯ ᠳᠤ ᠣᠷᠤᠭ᠎ᠠ ᠦᠭᠡᠢ ᠂ ᠠᠷᠪᠠ ᠰᠢᠬᠠᠮ ᠨᠠᠰᠤᠨ ᠠᠴᠠ ᠪᠠᠨ ᠣᠶᠣᠳᠠᠯ ᠰᠣᠷᠴᠤ᠂ ᠮᠠᠯ ᠤᠨᠤᠭᠠᠨ ᠳᠤ ᠶᠠᠪᠤᠵᠤ ᠡᠬᠢᠯᠡᠭᠰᠡᠨ ᠨᠢ ᠲᠡᠭᠦᠨ ᠳᠤ ᠬᠦᠮᠦᠨ ᠪᠤᠯᠬᠤ ᠶᠢᠨ ᠣᠴᠢᠷ ᠤᠳᠬ᠎ᠠ ᠶᠢ ᠭᠦᠢᠴᠡᠳ ᠲᠠᠨᠢᠭᠤᠯᠵᠤ᠂ ᠪᠡᠷᠬᠡᠰᠢᠶᠡᠯ ᠤᠨ ᠠᠷᠤ ᠳᠤ ᠪᠠᠶᠠᠰᠣᠯ ᠢᠷᠡᠳᠡᠭ ᠢ ᠮᠡᠳᠡᠷᠡᠭᠦᠯᠵᠡᠢ᠃     ᠲᠦᠮᠡᠨᠪᠠᠶᠠᠷ ᠤᠨ ᠬᠢᠨ ᠬᠦᠳᠡᠭᠡ ᠨᠣᠳᠤᠭ ᠲᠠᠭᠠᠨ ᠮᠠᠯ ᠰᠦᠷᠦᠭ ᠢᠶᠠᠨ ᠦᠰᠭᠡᠵᠦ᠂ ᠠᠶᠢᠯ ᠭᠡᠷ ᠤᠨ ᠠᠳᠠᠯ ᠠᠮᠢᠳᠤᠷᠠᠯ ᠢᠶᠠᠨ ᠠᠷᠭ᠎ᠠ ᠲᠠᠮᠳᠠᠢ ᠲᠥᠪᠬᠢᠨᠡᠭᠦᠯᠵᠦ ᠢᠷᠡᠬᠦ ᠳᠤ ᠪᠠᠶᠢᠭᠠᠯᠢ ᠶᠢᠨ ᠭᠠᠩ ᠬᠠᠭᠰᠠᠷᠭᠠᠨ ᠣᠯᠠᠰᠢᠷᠠᠵᠤ᠂ ᠳᠠᠩ ᠭᠠᠭᠴᠠ ᠮᠠᠯ ᠮᠠᠯᠵᠢᠬᠤ ᠳᠤ ᠣᠷᠣᠯᠭ᠎ᠠ ᠨᠢ ᠵᠠᠷᠣᠯᠭ᠎ᠠ ᠳᠠᠭᠠᠨ ᠬᠦᠷᠬᠦ ᠦᠭᠡᠢ ᠪᠠᠶᠢᠳᠠᠯ ᠭᠠᠷᠴᠣ᠂ ᠳᠠᠭᠠᠯᠳᠠ ᠣᠷᠣᠯᠭ᠎ᠠ ᠣᠯᠬᠤ ᠪᠠᠷ ᠡᠷᠳᠡᠨᠢᠴᠡᠴᠡᠭ ᠨᠢ ᠣᠶᠣᠳᠠᠯ ᠤᠨ ᠭᠠᠵᠠᠷ ᠡᠷᠬᠢᠯᠡᠬᠦ ᠭᠡᠵᠦ ᠬᠤᠳᠠ ᠣᠷᠣᠭᠰᠠᠨ ᠨᠢ 2016 ᠣᠨ ᠤ ᠵᠤᠨ ᠶᠤᠮ ᠰᠠᠨ᠃
                  ︽ᠵᠣᠷᠢᠭ ᠪᠠᠶᠢᠪᠠᠯ ᠵᠣᠷᠢᠭᠰᠠᠨ ᠳᠤ ᠪᠠᠨ︾ ᠭᠡᠳᠡᠭᠴᠢᠯᠡᠨ ᠬᠤᠲᠠ ᠣᠷᠣᠵᠣ ᠣᠷᠣᠨ ᠪᠠᠶᠢᠷᠢ ᠪᠠᠨ ᠣᠯᠬᠤ  ᠲᠠᠯ᠎ᠠ  ᠳᠤ ᠵᠢᠭᠠᠬᠠᠨ ᠡᠷᠡᠭᠡᠯᠵᠡᠭᠡ ᠲᠠᠢ ᠪᠠᠶᠢᠭᠰᠠᠨ ᠴᠦ ᠵᠠᠪᠠᠯ ᠬᠢᠬᠦ ᠭᠡᠵᠦ ᠰᠢᠢᠳᠦᠭᠰᠡᠨ ᠠᠴᠠ ︽ᠦᠵᠦᠮᠦᠴᠢᠨ ᠵᠠᠬ᠎ᠠ ᠲᠡᠯᠭᠡᠭᠦᠷ︾ ᠶᠢᠨ ᠠᠷᠠᠯᠵᠢᠶ᠎ᠠ ᠬᠤᠳᠠᠯᠳᠣᠭᠠᠨ ᠤ ᠬᠦᠷᠢᠶᠡᠨ ᠠᠴᠠ16000 ᠲᠦᠭᠦᠷᠢᠭ ᠢᠶᠠᠷ ᠬᠤᠶᠠᠷ ᠳᠠᠪᠬᠤᠷᠭ᠎ᠠ ᠪᠠᠭ᠎ᠠ ᠬᠡᠯᠪᠡᠷᠢ ᠶᠢᠨ ᠠᠰᠠᠷ ᠤᠯᠵᠤ ᠲᠦᠷᠢᠶᠡᠰᠦᠯᠡᠭᠰᠡᠨ ᠨᠢ ᠲᠦᠮᠡᠨ ᠣᠴᠢᠷ ᠤᠨ ᠬᠢᠨᠢ ᠲᠦᠷᠦᠦ ᠪᠠᠶᠢᠯ᠎ᠠ᠃ ᠰᠣᠷᠣᠭᠠᠳᠤᠢ ᠶᠠᠭᠤᠮ᠎ᠠ ᠶᠢ ᠰᠣᠷᠬᠤ ᠳᠤ ᠬᠡᠴᠡᠭᠦᠦ ᠪᠠᠶᠢᠳᠠᠭ ᠴᠦ ᠰᠣᠷᠣᠭᠰᠠᠨ ᠢᠶᠠᠨ ᠠᠰᠢᠭᠯᠠᠬᠤ ᠨᠢ ᠬᠠᠷᠢᠨ ᠭᠠᠶᠢᠭᠤᠢ ᠶᠠᠪᠣᠳᠠᠯ ᠡ᠃ ᠭᠡᠷ ᠲᠠᠢ ᠪᠤᠯᠤᠭᠰᠠᠨ ᠤ ᠳᠠᠷᠠᠭ᠎ᠠ ᠦᠢᠯᠡᠰ ᠪᠤᠰᠬᠠᠬᠤ ᠡᠵᠡᠩᠨᠡᠯᠲᠡ ᠶᠢᠨ ᠭᠡᠷᠡᠴᠢ ᠪᠢᠴᠢᠭ ᠪᠣᠯᠣᠨ ᠴᠠᠬᠢᠯᠭᠠᠨ ᠣᠶᠣᠳᠠᠯ ᠤᠨ ᠮᠠᠰᠢᠨ᠂ ᠪᠦᠰᠡ ᠪᠠᠷᠠᠭ᠎ᠠ ᠲᠣᠷᠭ᠎ᠠ ᠳᠣᠷᠳᠣᠩ ᠭᠡᠳᠡᠯ᠎ᠡ ᠠᠷᠰᠠᠷ ᠬᠡᠷᠡᠭᠰᠡᠯ ᠢ ᠪᠦᠷᠢᠯᠳᠦᠭᠦᠯᠵᠦ ︽ᠡᠷᠳᠡᠨᠢᠴᠡᠴᠡᠭ ᠮᠤᠩᠭᠤᠯ ᠤᠶᠤᠳᠠᠯ︾ ᠢᠶᠠᠨ ᠡᠬᠢᠯᠡᠭᠦᠯᠵᠦ ᠭᠤᠣᠯᠳᠠᠭᠤ ᠦᠵᠦᠮᠦᠴᠢᠨ ᠴᠠᠭᠠᠨ ᠴᠠᠮᠴᠠ᠂ ᠲᠡᠷᠯᠢᠭ᠂ ᠥᠩᠭᠡ ᠳᠡᠪᠡᠯ᠂ ᠡᠩᠭᠡᠷ ᠵᠠᠭᠠᠮ᠎ᠠ ᠶᠢᠨ ᠣᠭᠠᠯᠵᠠ ᠵᠡᠷᠭᠡ ᠣᠯᠠᠨ ᠲᠦᠷᠦᠯ ᠤᠨ ᠬᠤᠪᠴᠠᠰᠣ ᠵᠠᠰᠠᠯ ᠣᠶᠣᠬᠤ ᠳᠠᠭᠠᠨ ᠬᠤᠶᠠᠷ ᠦᠵᠦᠮᠦᠴᠢᠨ᠂ ᠬᠢᠩᠭᠠᠨ᠂ ᠣᠯᠠᠭᠠᠨᠬᠠᠳᠠ ᠵᠡᠷᠭᠡ ᠨᠢᠭᠡᠴᠡ ᠶᠢᠨ ᠵᠠᠬᠢᠶᠠᠯᠠᠭ᠎ᠠ ᠶᠢ ᠳᠣᠰᠴᠣ᠂ ᠬᠤᠷᠳᠣᠨ ᠪᠦᠭᠡᠳ ᠬᠢᠨᠠᠮᠠᠭᠠᠢ ᠤᠶᠤᠳᠠᠭ᠃ ᠤᠳᠤ ᠪᠤᠯᠳᠠᠯ᠎ᠠ 6 ᠵᠢᠯ ᠤᠨ ᠨᠢᠭᠤᠷ ᠦᠵᠡᠵᠦ ᠵᠢᠯ ᠪᠤᠯᠭᠠᠨ ᠠᠯᠳᠠᠯ ᠦᠭᠡᠢ10 ᠲᠦᠮᠡ ᠶᠢᠨ ᠴᠡᠪᠡᠷ ᠣᠷᠣᠯᠭ᠎ᠠ ᠤᠯᠵᠦ ᠪᠠᠶᠢᠬᠤ ᠳᠤ ᠪᠠᠨ ᠮᠠᠰᠢ ᠪᠠᠶᠠᠷᠯᠠᠨ ᠵᠤᠷᠢᠭᠵᠢᠵᠤ ᠂ ᠠᠮᠠᠰᠠᠷ ᠢ ᠨᠢ ᠵᠦᠪ ᠳᠠᠲᠠᠵᠠᠢ ᠭᠡᠵᠦ ᠢᠨᠢᠶᠡᠮᠰᠦᠭᠯᠡᠨ᠎ᠡ᠃    ᠡᠷᠳᠡᠨᠢᠴᠡᠴᠡᠭ ᠢ ᠠᠩᠬ᠎ᠠ ᠤᠶᠤᠳᠠᠯ ᠤᠨ ᠭᠠᠵᠠᠷ ᠡᠷᠬᠢᠯᠡᠬᠦ ᠳᠤ ᠪᠠᠷᠠᠭᠤᠨ ᠦᠵᠦᠮᠦᠴᠢᠨ ᠬᠤᠰᠢᠭᠤᠨ ᠳᠤ ᠣᠶᠣᠳᠠᠯ ᠤᠨ ᠲᠡᠯᠭᠡᠭᠦᠷ ᠣᠯᠠᠨ ᠪᠠᠶᠢᠵᠦ ᠶᠠᠭ ᠲᠡᠯᠭᠡᠭᠦᠷ ᠤᠨ ᠥᠷᠢᠰᠦᠯᠳᠦᠭᠡᠨ ᠰᠢᠷᠦᠭᠦᠰᠴᠦ ᠡᠬᠢᠯᠡᠭᠰᠡᠨ ᠢᠶᠠᠷ ᠡᠩ ᠲᠡᠷᠢᠭᠦᠨ ᠳᠤ ᠴᠠᠭ ᠢ ᠲᠤᠶᠢᠯ ᠢᠶᠠᠷ ᠪᠠᠷᠢᠮᠳᠠᠯᠠᠵᠤ᠂ ᠬᠤᠳᠠᠯᠳᠣᠬᠤ ᠦᠨ᠎ᠡ ᠬᠠᠩᠰᠢ ᠶᠢᠨ ᠪᠠᠶᠢᠳᠠᠯ ᠳᠤ ᠴᠠᠭ ᠢᠮᠠᠭᠲᠠ ᠠᠩᠬᠠᠷᠣᠯ ᠲᠠᠯᠪᠢᠵᠦ᠂ ᠥᠪᠡᠷ ᠤᠨ ᠣᠶᠣᠭᠰᠠᠨ ᠣᠶᠢᠷ᠎ᠠ ᠬᠤᠯᠠ ᠬᠠᠪᠠᠭᠠᠰᠣ ᠲᠠᠢ ᠲᠡᠷᠯᠢᠭ ᠪᠠᠷᠠᠭ᠎ᠠ ᠪᠠᠨ ᠪᠣᠰᠣᠳ ᠲᠡᠯᠭᠡᠭᠦᠷ ᠠᠴᠠ ᠵᠢᠭᠠᠬᠠᠨ ᠬᠢᠮᠳᠠ ᠬᠤᠳᠠᠯᠳᠣᠵᠣ ᠦᠨ᠎ᠡ ᠬᠠᠩᠰᠢ ᠪᠤᠯᠢᠶᠠᠯᠴᠠᠳᠠᠭ ᠦᠭᠡᠢ ᠦᠨᠡᠨᠴᠢ ᠦᠢᠯᠡᠴᠢᠯᠡᠭᠡ ᠨᠢ ᠲᠡᠭᠦᠨ ᠤ ᠣᠷᠣᠯᠭ᠎ᠠ ᠪᠠᠨ ᠨᠡᠮᠡᠭᠳᠡᠭᠦᠯᠬᠦ ᠶᠢᠨ ᠠᠷᠭ᠎ᠠ  ᠪᠠᠷᠢᠯ ᠪᠤᠯᠵᠤ᠂ ᠵᠠᠬ᠎ᠠ ᠲᠡᠯᠭᠡᠭᠦᠷ ᠲᠤ ᠬᠠᠨᠳᠣᠵᠠᠢ᠃ ᠲᠡᠷᠡ ᠬᠤᠰᠢᠭᠤᠨ ᠳᠤ ᠪᠠᠨ ᠦᠨᠳᠦᠰᠦᠲᠡᠨ ᠤ ᠣᠯᠠᠮᠵᠢᠯᠠᠯᠳᠣ ᠭᠠᠷ ᠣᠶᠣᠳᠠᠯ ᠤᠨ ᠰᠢᠯᠪᠢ ᠬᠦᠪᠦᠷᠢᠳᠦᠬᠦ᠂ ᠢᠷ ᠳᠠᠷᠤᠬᠤ᠂ ᠲᠠᠪᠤ ᠬᠠᠰᠢᠶᠠᠰᠣ ᠲᠠᠢ ᠣᠶᠢᠷ᠎ᠠ ᠬᠠᠪᠠᠭᠠᠰᠣ᠂ ᠨᠡᠪᠳᠡᠭᠴᠢᠶᠡᠰᠦ᠂ ᠬᠢᠯᠠᠭᠠᠰᠣ ᠲᠠᠮᠦᠵᠦ ᠤᠯᠤᠩ ᠤᠶᠤᠬᠤ ᠵᠡᠷᠭᠡ ᠣᠷᠣᠯᠳᠣᠭᠠᠨ ᠳᠤ ᠬᠤᠶᠠᠳᠣᠭᠠᠷ᠂ ᠭᠤᠷᠪᠠᠳᠣᠭᠠᠷ᠂ ᠰᠢᠯᠢᠳᠡᠭ ᠨᠡᠷ᠎ᠡ ᠳᠤ ᠳᠣᠳᠣᠷᠠᠵᠤ᠂2018 ᠣᠨ ᠳᠤ ᠭᠠᠴᠠᠭᠠᠨ ᠠᠴᠠ ᠨᠢ ︽ᠬᠤᠲᠠ ᠤᠷᠤᠵᠤ ᠦᠢᠯᠡᠰ ᠪᠣᠰᠬᠠᠭᠰᠠᠨ ᠡᠮᠡᠭᠳᠡᠢ ᠴᠢᠳᠠᠪᠦᠷᠢᠲᠠᠨ︾ ᠤ ᠵᠤᠷᠢᠭᠵᠢᠭᠤᠯᠤᠯ ᠣᠯᠵᠣ ᠥᠩᠭᠡᠷᠡᠪᠡ᠃    
         
        ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号