ᠪᠠᠭᠠᠴᠤᠳ ᠤᠨ ᠮᠤᠩᠭᠤᠯ ᠪᠦᠬᠡ ᠶᠢᠨ ᠣᠷᠣᠯᠳᠣᠭᠠᠨ ᠶᠠᠪᠣᠭᠳᠠᠯ᠎ᠠ | | 1 ᠰᠠᠷ᠎ᠠ ᠶᠢᠨ 8 ᠤ ᠡᠳᠦᠷ᠂ ᠶᠡᠷᠦᠩᠬᠡᠶᠢᠯᠡᠭᠰᠡᠨ ᠳᠡᠭᠡᠳᠦ ᠵᠡᠷᠭᠡ ᠶᠢᠨ ᠳᠣᠮᠳᠠᠳᠣ ᠰᠣᠷᠭᠠᠭᠤᠯᠢ ᠳᠤ᠂ | ᠴᠢᠯᠦᠭᠡᠳᠦ ᠪᠦᠬᠡ ᠶᠢᠨ ᠣᠯᠣᠰ ᠤᠨ ᠠᠪᠤᠷᠭᠤ ᠴᠣᠭᠪᠠᠶᠠᠷ᠂ ᠴᠡᠩᠬᠡᠯᠪᠠᠶᠠᠷ᠂ ᠰᠠᠨᠢᠴᠠᠷ ᠨᠠᠷ ᠰᠢᠨ᠎ᠡ ᠣᠨ ᠢᠶᠠᠨ | ᠣᠭᠳᠣᠨ᠂ ᠬᠡᠦᠬᠡᠳ ᠪᠠᠭᠠᠴᠣᠳ ᠢᠶᠠᠨ ᠵᠣᠷᠢᠭᠵᠢᠭᠤᠯᠬᠤ ᠪᠠᠭᠠᠴᠣᠳ ᠬᠡᠦᠬᠡᠳ ᠤᠨ ᠮᠤᠩᠭᠤᠯ ᠪᠦᠬᠡ ᠶᠢᠨ | ᠣᠷᠣᠯᠳᠣᠭᠠᠨ ᠵᠤᠬᠢᠶᠠᠨ ᠪᠠᠶᠢᠭᠤᠯᠪᠠ᠃ | | | | ᠲᠣᠰ ᠣᠳᠠᠭᠠᠨ ᠤ ᠣᠷᠣᠯᠳᠣᠭᠠᠨ ᠳᠤ᠂ ᠣᠯᠠᠭᠠᠨᠬᠠᠳᠠ ᠬᠤᠳᠠ ᠂ ᠵᠡᠭᠦᠨ ᠦᠵᠦᠮᠦᠴᠢᠨ ᠬᠤᠰᠢᠭᠤ᠂ ᠰᠢᠯᠢ | ᠶᠢᠨ ᠬᠤᠲᠠ ᠶᠢᠨ ᠠᠵᠢᠯ ᠮᠡᠷᠭᠡᠵᠢᠯ ᠤᠨ ᠰᠣᠷᠭᠠᠭᠤᠯᠢ᠂ ᠪᠠᠷᠠᠭᠤᠨ ᠦᠵᠦᠮᠦᠴᠢᠨ ᠬᠤᠰᠢᠭᠤ ᠵᠡᠷᠭᠡ ᠭᠠᠵᠠᠷ | ᠣᠷᠣᠨ ᠤ 80 ᠭᠠᠷᠤᠢ ᠪᠠᠭᠠᠴᠣᠳ ᠣᠷᠣᠯᠳᠣᠭᠠᠨ ᠳᠤ ᠣᠷᠣᠯᠴᠠᠵᠤ᠂ ᠨᠠᠰᠣᠨ ᠤ ᠶᠡᠭᠡ ᠪᠠᠭ᠎ᠠ ᠪᠠᠷ ᠨᠢ ᠭᠤᠷᠪᠠᠨ | ᠪᠦᠯᠦᠭ ᠬᠤᠪᠢᠶᠠᠨ ᠣᠷᠣᠯᠳᠣᠭᠠᠨ ᠶᠠᠪᠣᠭᠳᠠᠭᠤᠯᠵᠣ᠂ ᠣᠷᠣᠯᠳᠣᠭᠠᠨ ᠳᠤ ᠣᠷᠣᠯᠴᠠᠭᠰᠠᠨ ᠪᠠᠭᠠᠴᠣᠳ ᠨᠢ ᠤᠷ᠎ᠠ | ᠮᠡᠷᠭᠡᠵᠢᠯ ᠢᠶᠠᠨ ᠰᠣᠯᠢᠯᠴᠠᠨ᠂ ᠥᠪᠡᠷ ᠥᠪᠡᠷ ᠤᠨ ᠲᠠᠪᠠᠭᠤᠯᠢᠭ ᠲᠠᠯ᠎ᠠ ᠪᠠᠨ ᠪᠠᠳᠠᠷᠠᠭᠤᠯᠵᠣ ᠪᠠᠶᠢᠯ᠎ᠠ᠃ | ᠣᠷᠣᠯᠳᠣᠭᠠᠨ ᠢᠶᠠᠷ ᠳᠠᠮᠵᠢᠨ᠂ ᠡᠯ᠎ᠡ ᠭᠠᠵᠠᠷ ᠣᠷᠣᠨ ᠤ ᠬᠡᠦᠬᠡᠳ ᠪᠠᠭᠠᠴᠣᠳ ᠪᠦᠬᠡ ᠪᠠᠷᠢᠯᠳᠣᠬᠤ ᠤᠷ᠎ᠠ | ᠮᠡᠷᠭᠡᠵᠢᠯ ᠢᠶᠠᠨ ᠤᠯᠠᠮ ᠨᠢᠭᠡ ᠠᠯᠬᠤᠮ ᠳᠠᠭᠡᠭᠰᠢᠯᠡᠭᠦᠯᠬᠦ ᠶᠢᠨ ᠳᠠᠭᠠᠣ ᠪᠠᠰᠠ ᠪᠠᠷᠢᠯᠳᠣᠭᠠᠨ ᠤ ᠠᠷᠭ᠎ᠠ ᠪᠠᠷᠢᠯ ᠢ | ᠬᠠᠷᠢᠯᠴᠠᠨ ᠰᠣᠷᠣᠯᠴᠠᠵᠣ ᠣᠷᠣᠯᠳᠣᠭᠠᠨ ᠲᠡᠮᠡᠴᠡᠭᠡᠨ ᠳᠤ ᠣᠷᠣᠯᠴᠠᠬᠤ ᠢᠳᠡᠭᠡᠯ ᠵᠣᠷᠢᠭ ᠢᠶᠠᠨ ᠬᠦᠪᠴᠢᠯᠡᠭᠰᠡᠨ | ᠪᠠᠶᠢᠨ᠎ᠠ᠃ | |