ᠥᠨᠳᠡᠭᠡ ᠰᠣᠩᠭᠤᠬᠤ ᠳᠦᠬᠦᠮ ᠠᠷᠭ᠎ᠠ | | ᠰᠢᠨ᠎ᠡ ᠥᠨᠳᠡᠭᠡᠨ ᠤ ᠬᠠᠯᠢᠰᠤᠨ ᠳᠤ ᠨᠢᠭᠡ ᠳᠠᠪᠬᠤᠷ ᠴᠠᠭᠠᠨ ᠨᠤᠨᠳᠠᠭ ᠨᠠᠭᠠᠯᠳᠤᠵᠤ ᠪᠠᠶᠢᠳᠠᠭ ᠪᠥᠭᠡᠳ | ᠲᠡᠮᠲᠡᠷᠢᠬᠦ ᠳᠤ ᠭᠠᠷ ᠲᠤ ᠨᠠᠭᠠᠯᠳᠤᠬᠤ ᠦᠭᠡᠢ᠂ ᠥᠨᠳᠡᠭᠡᠨ ᠬᠠᠯᠢᠰᠤ ᠶᠢ ᠦᠵᠡᠬᠦ ᠳᠤ ᠥᠩᠭᠡ ᠨᠢ ᠬᠡᠬᠡᠨ ᠪᠠᠶᠢᠳᠠᠭ᠃ | ᠡᠪᠳᠡᠷᠡᠭᠰᠡᠨ ᠥᠨᠳᠡᠭᠡ ᠶᠢ ᠪᠠᠷᠢᠪᠠᠯ ᠭᠠᠷ ᠲᠤ ᠨᠠᠭᠠᠯᠳᠤᠭᠠᠳ ᠬᠦᠨᠳᠦ ᠰᠢᠭ ᠰᠠᠨᠠᠭᠳᠠᠬᠤ ᠪᠥᠭᠡᠳ ᠥᠨᠳᠡᠭᠡᠨ | ᠬᠠᠯᠢᠰᠤᠨ ᠤ ᠥᠩᠭᠡ ᠨᠢ ᠴᠤ ᠬᠡᠪ ᠤᠨ ᠪᠤᠰᠤ ᠬᠠᠷᠠᠭᠳᠠᠨ ᠬᠠᠷ᠎ᠠ ᠳᠤᠰᠤᠯ ᠢᠯᠡᠷᠡᠭᠰᠡᠨ ᠪᠠᠶᠢᠳᠠᠭ᠃ | ᠦᠵᠡᠬᠦ᠄ ᠥᠨᠳᠡᠭᠡ ᠪᠠᠨ ᠨᠠᠷᠠᠨ ᠤ ᠥᠭᠡᠳᠡ ᠪᠤᠶᠤ ᠳ᠋ᠧᠩ ᠤᠨ ᠬᠡᠷᠡᠯ ᠳᠤ ᠪᠠᠷᠢᠵᠤ ᠦᠵᠡᠬᠦ ᠳᠤ ᠰᠢᠨ᠎ᠡ ᠥᠨᠳᠡᠭᠡ | ᠨᠢ ᠤᠯᠠᠭᠠᠪᠲᠤᠷ ᠥᠩᠭᠡ ᠲᠠᠢ ᠪᠠᠶᠢᠵᠤ᠂ ᠳᠣᠲᠣᠷᠠᠬᠢ ᠥᠨᠳᠡᠭᠡᠨ ᠰᠢᠷ᠎ᠠ ᠶᠢᠨ ᠬᠡᠯᠪᠡᠷᠢ ᠨᠢ ᠲᠣᠳᠣ ᠬᠠᠷᠠᠭᠳᠠᠳᠠᠭ᠃ | ᠡᠪᠳᠡᠷᠡᠭᠰᠡᠨ ᠥᠨᠳᠡᠭᠡ ᠨᠢ ᠬᠠᠷᠢᠨ ᠥᠩᠭᠡ ᠨᠢ ᠪᠦᠳᠡᠭᠢ ᠪᠤᠶᠤ ᠬᠠᠷ᠎ᠠ ᠲᠣᠯᠪᠤ ᠲᠠᠢ ᠪᠠᠶᠢᠳᠠᠭ᠂ ᠡᠶᠢᠮᠦ ᠥᠨᠳᠡᠭᠡᠨ ᠤ | ᠴᠢᠨᠠᠷ ᠨᠢ ᠬᠤᠪᠢᠷᠠᠭᠰᠠᠨ ᠲᠤᠯᠠ ᠢᠳᠡᠵᠦ ᠪᠤᠯᠬᠤ ᠦᠭᠡᠢ᠃ | ᠰᠡᠭᠰᠤᠷᠬᠦ᠄ ᠥᠨᠳᠡᠭᠡ ᠶᠢ ᠬᠥᠩᠭᠡᠬᠡᠨ ᠰᠡᠭᠰᠦᠷᠬᠦ ᠳᠤ ᠳᠠᠭᠤ ᠦᠭᠡᠢ ᠪᠠᠶᠢᠪᠠᠯ ᠡᠨᠡ ᠬᠦ ᠥᠨᠳᠡᠭᠡᠨ ᠤ ᠰᠢᠷ᠎ᠠ ᠨᠢ | ᠪᠦᠲᠦᠨ ᠪᠠᠶᠢᠵᠤ᠂ ᠰᠢᠨ᠎ᠡ ᠥᠨᠳᠡᠭᠡ ᠭᠡᠰᠡᠨ ᠢ ᠪᠠᠲᠤᠯᠠᠵᠤ ᠪᠣᠯᠣᠨ᠎ᠠ᠃ ᠬᠡᠷᠪᠡ ᠰᠡᠭᠰᠤᠷᠬᠦ ᠦᠶ᠎ᠡ ᠳᠤ ᠳᠠᠭᠤ ᠭᠠᠷᠴᠤ | ᠪᠠᠶᠢᠪᠠᠯ ᠬᠠᠭᠤᠴᠢᠨ ᠥᠨᠳᠡᠭᠡ ᠭᠡᠰᠡᠨ ᠢ ᠬᠠᠷᠠᠭᠤᠯᠵᠤ ᠪᠤᠢ᠃ ᠡᠶᠢᠮᠦ ᠥᠨᠳᠡᠭᠡ ᠨᠢᠭᠡᠨᠲᠡ ᠡᠪᠳᠡᠷᠡᠭᠡᠳ ᠥᠨᠳᠡᠭᠡᠨ | ᠰᠢᠷ᠎ᠠ ᠨᠢ ᠪᠤᠳᠠᠷᠠᠭᠰᠠᠨ ᠲᠤᠯᠠ ᠰᠡᠭᠰᠤᠷᠬᠦ ᠦᠶ᠎ᠡ ᠳᠤ ᠳᠠᠭᠤ ᠭᠠᠷᠳᠠᠭ᠃ | |