ᠡᠴᠢᠭᠡ ᠡᠬᠡᠴᠦᠳ ᠤᠨ ᠵᠠᠪᠠᠯ ᠠᠩᠬᠠᠷᠬᠤ ᠵᠦᠢᠯᠡᠰ | | ᠪᠠᠭ᠎ᠠ ᠨᠠᠰᠤᠨ ᠤ ᠬᠡᠦᠬᠡᠳ ᠢ ᠣᠷᠣᠨ ᠠᠴᠠ᠂ ᠰᠠᠨᠳᠠᠯᠢ ᠠᠴᠠ ᠤᠨᠠᠭᠠᠬᠤ ᠲᠣᠬᠢᠶᠠᠯᠳᠤᠯ ᠤᠳ ᠨᠡᠯᠢᠶᠡᠳ ᠶᠡᠭᠡ | ᠪᠠᠶᠢᠳᠠᠭ᠃ ᠬᠡᠦᠬᠡᠳ ᠤᠳ ᠢᠶᠠᠨ ᠭᠠᠳᠠᠭ᠎ᠠ ᠲᠣᠭᠯᠠᠭᠤᠯᠬᠤ ᠦᠶ᠎ᠡ ᠳᠤ ᠡᠴᠢᠭᠡ ᠡᠬᠡᠴᠦᠳ ᠴᠢᠳᠠᠬᠤ ᠶᠢᠨ ᠳᠣᠲᠣᠷ᠎ᠠ | ᠠᠩᠬᠠᠷᠤᠯ ᠲᠠᠯᠪᠢᠳᠠᠭ᠃ ᠲᠡᠭᠡᠪᠡᠯ ᠪᠢᠳᠡ ᠥᠪᠡᠷᠰᠡᠳ ᠢᠶᠠᠨ ᠴᠤ ᠠᠩᠵᠠᠭᠠᠷᠠᠯ ᠦᠭᠡᠢ ᠪᠠᠷ ᠬᠡᠦᠬᠡᠳ ᠤᠳ ᠢᠶᠠᠨ | ᠠᠶᠤᠯ ᠳᠤ ᠣᠷᠣᠭᠤᠯᠵᠤ ᠪᠠᠶᠢᠳᠠᠭ ᠭᠡᠪᠡᠯ ᠲᠠ ᠢᠲᠡᠭᠡᠨ᠎ᠡ ᠤᠤ︖ ᠢᠩᠭᠢᠭᠡᠳ ᠡᠴᠢᠭᠡ ᠡᠬᠡᠴᠦᠳ ᠥᠪᠡᠷᠰᠡᠳ ᠢᠶᠠᠨ | ᠴᠤ ᠠᠩᠵᠠᠭᠠᠷᠠᠯ ᠦᠭᠡᠢ ᠬᠡᠦᠬᠡᠳ ᠤᠳ ᠢᠶᠠᠨ ᠡᠷᠡᠰᠳᠡᠯ ᠳᠤ ᠣᠷᠣᠭᠤᠯᠵᠤ ᠪᠠᠶᠢᠳᠠᠭ ᠵᠦᠢᠯᠡᠰ ᠢ ᠮᠡᠳᠡᠵᠤ | ᠠᠪᠴᠠᠭᠠᠶ᠎ᠠ︕ | 1. ᠠᠶᠤᠯᠲᠠᠢ ᠰᠫᠣᠷᠲ ᠪᠠᠷ ᠬᠢᠴᠢᠶᠡᠯᠯᠡᠬᠦ ᠡᠮᠴᠢ ᠨᠠᠷ ᠪᠠᠭ᠎ᠠ ᠨᠠᠰᠤᠨ ᠤ ᠬᠡᠦᠬᠡᠳ ᠤᠳ ᠢ ᠲᠤᠯᠤᠭᠠᠨ ᠤ ᠤᠷᠠᠯᠢᠭ᠂ | ᠪᠤᠺᠰ᠂ ᠪᠦᠭᠡ ᠵᠡᠷᠭᠡ ᠬᠦᠴᠦ ᠱᠠᠭᠠᠷᠳᠠᠳᠠᠭ ᠲᠦᠷᠦᠯ ᠤᠨ ᠰᠫᠣᠷᠲ ᠢᠶᠠᠷ ᠬᠢᠴᠢᠶᠡᠯᠯᠡᠭᠦᠯᠬᠦ ᠦᠭᠡᠢ ᠪᠠᠶᠢᠬᠤ ᠶᠢ | ᠠᠩᠬᠠᠷᠤᠭᠤᠯᠤᠭᠰᠠᠨ ᠪᠠᠶᠢᠨ᠎ᠠ᠃ ᠤᠴᠢᠷ ᠨᠢ ᠬᠡᠦᠬᠡᠳ ᠳᠡᠭᠡᠷᠡᠬᠢ ᠰᠫᠣᠷᠲ ᠤᠳ ᠢᠶᠠᠷ ᠬᠢᠴᠢᠶᠡᠯᠯᠡᠵᠦ ᠪᠠᠶᠢᠬᠤ | ᠶᠠᠪᠤᠴᠠ ᠳᠠᠭᠠᠨ ᠲᠠᠷᠢᠬᠢᠨ ᠤ ᠭᠡᠮᠲᠦᠯ ᠠᠪᠬᠤ᠂ ᠨᠢᠷᠤᠭᠤᠨ ᠤ ᠶᠠᠰᠤ ᠮᠤᠷᠤᠶᠢᠬᠤ᠂ ᠨᠢᠷᠤᠭᠤᠨ ᠤ ᠭᠡᠮᠲᠦᠯ ᠲᠠᠢ ᠪᠤᠯᠬᠤ | ᠵᠡᠷᠭᠡ ᠡᠷᠡᠰᠳᠡᠯ ᠤᠳ ᠲᠠᠢ ᠲᠤᠯᠭᠠᠷᠠᠳᠠᠭ ᠪᠠᠶᠢᠨ᠎ᠠ᠃ ᠮᠥᠨ ᠪᠠᠭ᠎ᠠ ᠨᠠᠰᠤᠨ ᠤ ᠬᠡᠦᠬᠡᠳ ᠬᠦᠨᠳᠦ ᠵᠦᠢᠯ ᠡᠷᠭᠦᠬᠦ᠂ | ᠭᠠᠵᠠᠷ ᠬᠦᠴᠦᠲᠡᠢ ᠤᠨᠠᠬᠤ ᠵᠡᠷᠭᠡ ᠠᠴᠠ ᠠᠯᠢ ᠪᠤᠯᠬᠤ ᠵᠠᠶᠢᠯᠠᠰᠬᠢᠬᠤ ᠬᠡᠷᠡᠭᠲᠡᠢ᠃ | 2. ᠤᠲᠠᠰᠤ᠂ ᠺᠤᠮᠫᠢᠦ᠋ᠲ᠋ᠧᠷ ᠦᠭᠬᠦ ᠶᠡᠬᠡᠩᠬᠢ ᠡᠴᠢᠭᠡ ᠡᠬᠡᠴᠦᠳ ᠬᠡᠦᠬᠡᠳ ᠲᠤ ᠪᠠᠨ ᠤᠬᠠᠭᠠᠯᠢᠭ ᠤᠲᠠᠰᠤ᠂ | ᠺᠤᠮᠫᠢᠦ᠋ᠲ᠋ᠧᠷ ᠥᠭᠴᠦ ᠳᠤᠷᠠᠲᠠᠢ ᠬᠡᠦᠬᠡᠯᠳᠡᠢ ᠶᠢᠨ ᠺᠢᠨᠣ᠋ ᠵᠡᠷᠭᠡ ᠶᠢ ᠨᠢ ᠦᠵᠡᠭᠦᠯᠳᠡᠭ᠃ ᠲᠡᠭᠡᠪᠡᠯ ᠡᠮᠴᠢ ᠨᠠᠷ ᠤᠨ | ᠵᠦᠭ ᠠᠴᠠ ᠬᠡᠦᠬᠡᠳ ᠢᠶᠠᠨ ᠠᠯᠢ ᠪᠤᠯᠬᠤ ᠳᠡᠯᠭᠡᠴᠡᠨ ᠠᠴᠠ ᠬᠤᠯᠠ ᠪᠠᠶᠢᠯᠭᠠᠬᠤ ᠶᠢ ᠵᠥᠪᠯᠡᠵᠦ ᠪᠠᠶᠢᠨ᠎ᠠ᠃ ᠤᠴᠢᠷ ᠨᠢ | ᠭᠡᠪᠡᠯ ᠳᠡᠯᠭᠡᠴᠡᠨ ᠤ ᠴᠡᠩᠬᠡᠷ ᠬᠡᠷᠡᠯ ᠨᠢ ᠲᠣᠯᠣᠭᠠᠢ ᠡᠪᠡᠳᠬᠦ᠂ ᠮᠥᠷᠥ᠂ ᠨᠢᠷᠤᠭᠤᠨ ᠤ ᠡᠪᠡᠳᠦᠯᠲᠡ ᠡᠭᠦᠰᠬᠡᠬᠦ᠂ ᠨᠢᠳᠦ | ᠡᠪᠡᠳᠬᠦ᠂ ᠠᠩᠬᠠᠷᠤᠯ ᠰᠤᠯᠠᠷᠠᠬᠤ᠂ ᠵᠠᠩ ᠠᠭᠠᠰᠢ ᠥᠭᠡᠷᠡᠴᠢᠯᠡᠭᠳᠡᠬᠦ᠂ ᠪᠤᠬᠢᠨᠢᠳᠤᠬᠤ ᠵᠡᠷᠭᠡ ᠡᠷᠡᠭᠦᠯ ᠮᠡᠨᠳᠦ ᠶᠢᠨ | ᠠᠰᠠᠭᠤᠳᠠᠯ ᠤᠳ ᠢ ᠡᠭᠦᠰᠬᠡᠳᠡᠭ᠃ ᠮᠥᠨ ᠨᠣᠶᠢᠷ ᠦᠭᠡᠶᠢᠳᠡᠯ ᠤᠨ ᠰᠢᠯᠲᠠᠭᠠᠨ ᠪᠤᠯᠳᠠᠬ ᠠᠵᠠᠢ᠃ | 3. W ᠬᠡᠯᠪᠡᠷᠢ ᠪᠠᠷ ᠰᠠᠭᠤᠬᠤ ᠵᠠᠷᠢᠮ ᠬᠡᠦᠬᠡᠳ ᠤᠳ ᠭᠠᠵᠠᠷ ᠰᠠᠭᠤᠵᠤ ᠲᠣᠭᠯᠠᠬᠤ ᠦᠶ᠎ᠡ ᠳᠤ ᠪᠠᠨ ᠡᠶᠢᠨᠬᠦᠦ | ᠰᠣᠨᠢᠨ ᠪᠠᠶᠢᠳᠠᠯ ᠢᠶᠠᠷ ᠰᠠᠭᠤᠬᠤ ᠲᠣᠬᠢᠶᠠᠯᠳᠤᠯ ᠪᠠᠶᠢᠳᠠᠭ᠃ ᠥᠪᠡᠷᠰᠡᠳ ᠲᠤ ᠨᠢ ᠡᠪᠲᠡᠶᠢᠬᠡᠨ ᠪᠠᠶᠢᠳᠠᠭ ᠪᠣᠯᠬᠤᠷ ᠯᠠ | ᠲᠡᠷᠡ ᠶᠤᠮ᠃ ᠲᠡᠭᠡᠪᠡᠯ ᠡᠨᠡᠬᠦ ᠰᠠᠭᠤᠯᠲᠠ ᠨᠢ ᠬᠡᠦᠬᠡᠳ ᠤᠨ ᠬᠥᠯ ᠤ ᠦᠶ᠎ᠡ᠂ ᠰᠡᠭᠦᠵᠢᠨ ᠤ ᠶᠠᠰᠤ ᠨᠢᠷᠤᠭᠤ᠂ | ᠬᠦᠵᠦᠭᠦᠦ᠂ ᠮᠥᠷᠥᠨ ᠳᠤ ᠨᠢ ᠠᠴᠢᠶᠠᠯᠠᠯ ᠥᠭᠴᠦ᠂ ᠬᠥᠯ ᠳᠠᠭᠠᠭᠰᠠᠨ ᠪᠤᠯᠴᠢᠩ ᠳᠤ ᠰᠠᠭᠤᠯᠲᠠ ᠦᠭᠳᠡᠭ ᠤᠴᠢᠷ | ᠬᠡᠦᠬᠡᠳ ᠤᠨ ᠥᠰᠦᠯᠲᠡ ᠳᠤ ᠰᠥᠷᠬᠦ ᠨᠥᠯᠥᠭᠡᠯᠡᠳᠡᠭ ᠶᠤᠮ᠃ | 4. ᠡᠪᠦᠳᠦᠭ ᠳᠡᠭᠡᠷ᠎ᠡ ᠪᠠᠨ ᠰᠠᠭᠤᠯᠭᠠᠵᠤ ᠭᠤᠯᠭᠤᠬᠤ ᠵᠠᠷᠢᠮ ᠡᠴᠢᠭᠡ ᠡᠬᠡᠴᠦᠳ ᠬᠡᠦᠬᠡᠳ ᠤᠳ ᠲᠠᠢ ᠪᠠᠨ | ᠬᠠᠮᠲᠤ ᠭᠤᠯᠭᠤᠭᠤᠷ ᠳᠡᠭᠡᠷ᠎ᠡ ᠭᠤᠯᠭᠤᠳᠠᠭ᠃ ᠢᠡᠭᠬᠢᠬᠦ ᠳᠤ ᠪᠠᠨ ᠬᠡᠦᠬᠡᠳ ᠢᠶᠠᠨ ᠡᠪᠦᠳᠦᠭ ᠳᠡᠭᠡᠷ᠎ᠡ ᠪᠠᠨ ᠰᠠᠭᠤᠯᠭᠠᠨ | ᠭᠤᠯᠭᠤᠳᠠᠭ᠃ ᠡᠨᠡ ᠨᠢ ᠠᠶᠤᠯ ᠦᠭᠡᠢ ᠶᠤᠮ ᠰᠢᠭ ᠰᠠᠨᠠᠭᠳᠠᠬᠤ ᠪᠤᠯᠪᠠᠴᠤ ᠭᠤᠯᠭᠤᠬᠤ ᠦᠶ᠎ᠡ ᠳᠤ ᠲᠠᠨ ᠤ ᠬᠥᠯ ᠳᠤ | ᠮᠠᠰᠢ ᠶᠡᠭᠡ ᠬᠡᠮᠵᠢᠶᠡᠨ ᠤ ᠳᠠᠷᠤᠯᠲᠠ ᠣᠴᠢᠵᠤ᠂ ᠲᠠ ᠥᠪᠡᠷ ᠤᠨ ᠢᠶᠠᠨ ᠬᠦᠴᠦ ᠶᠢ ᠤᠳᠤᠷᠢᠳᠴᠤ ᠴᠢᠳᠠᠬᠤ ᠦᠭᠡᠢ | ᠪᠠᠶᠢᠳᠠᠯ ᠲᠠᠢ ᠪᠤᠯᠳᠠᠬ᠃ ᠡᠨᠡ ᠦᠶ᠎ᠡ ᠳᠤ ᠬᠡᠦᠬᠡᠳ ᠤᠨ ᠴᠢᠨᠢ ᠬᠥᠯ᠂ ᠭᠠᠷ ᠭᠤᠯᠭᠤᠭᠤᠷ ᠤᠨ ᠬᠠᠨᠠᠨ ᠳᠤ | ᠨᠠᠭᠠᠯᠳᠤᠬᠤ᠂ ᠲᠡᠭᠡᠭᠯᠡᠬᠦ ᠲᠣᠬᠢᠶᠠᠯᠳᠤᠯ ᠳᠤ ᠬᠠᠮᠤᠭ ᠬᠦᠴᠦ ᠪᠠᠷ ᠢᠶᠠᠨ ᠭᠤᠯᠠᠰᠴᠤ ᠪᠠᠶᠢᠭ᠎ᠠ ᠨᠠᠰᠤᠨ ᠳᠤ ᠬᠦᠷᠦᠭᠰᠡᠨ | ᠬᠥᠮᠥᠨ ᠲᠡᠷᠡ ᠳᠣᠣᠷ᠎ᠠ ᠪᠠᠨ ᠵᠣᠭᠰᠣᠵᠤ ᠴᠢᠳᠠᠬᠤ ᠦᠭᠡᠢ ᠪᠠᠶᠢᠳᠠᠭ᠃ | 5. ᠰᠠᠨᠳᠠᠯᠢ ᠳᠡᠭᠡᠷ᠎ᠡ ᠵᠤᠬᠰᠤᠬᠤ ᠬᠡᠦᠬᠡᠳ ᠬᠤᠭᠤᠯᠠᠨ ᠤ ᠰᠢᠷᠡᠭᠡ᠂ ᠰᠠᠨᠳᠠᠯᠢ ᠠᠴᠠ ᠤᠨᠠᠨ ᠪᠡᠷᠳᠡᠬᠦ | ᠲᠣᠬᠢᠶᠠᠯᠳᠤᠯ ᠴᠥᠭᠡᠨ ᠦᠭᠡᠢ ᠭᠠᠷᠳᠠᠭ᠃ ᠢᠡᠭᠬᠢᠬᠦ ᠨᠢ ᠬᠡᠪ ᠤᠨ ᠵᠦᠢᠯ ᠪᠤᠯᠪᠠᠴᠤ ᠵᠠᠷᠢᠮ ᠲᠣᠬᠢᠶᠠᠯᠳᠤᠯ ᠳᠤ | ᠲᠠᠷᠢᠬᠢᠨ ᠳᠤ ᠴᠢᠰᠤ ᠬᠠᠷᠪᠤᠬᠤ ᠡᠷᠡᠰᠳᠡᠯ ᠡᠭᠦᠰᠬᠡᠳᠡᠭ᠃ ᠲᠡᠶᠢᠮᠦ ᠠᠴᠠ ᠬᠡᠦᠬᠡᠳ ᠢᠶᠠᠨ ᠥᠨᠳᠥᠷ ᠵᠦᠢᠯ ᠳᠡᠭᠡᠷ᠎ᠡ | ᠵᠣᠭᠰᠣᠭᠰᠠᠨ ᠪᠠᠶᠢᠬᠤ ᠦᠶ᠎ᠡ ᠳᠤ ᠨᠢ ᠪᠠᠶᠢᠩᠭᠤ ᠬᠠᠷᠠᠵᠤ ᠪᠠᠶᠢᠬᠤ ᠬᠡᠷᠡᠭᠲᠡᠢ᠃ | 6. ᠰᠢᠷᠣᠢ ᠪᠠᠷ ᠲᠣᠭᠯᠠᠬᠤ ᠬᠡᠦᠬᠡᠳ ᠤᠳ ᠭᠠᠳᠠᠨ᠎ᠠ ᠰᠢᠷᠣᠢ ᠴᠢᠯᠠᠭᠤ ᠪᠠᠷ ᠲᠣᠭᠯᠠᠬᠤ ᠳᠤᠷᠠᠲᠠᠢ ᠪᠠᠶᠢᠳᠠᠭ᠃ | ᠭᠡᠬᠦ ᠳᠤ ᠪᠠᠨ ᠬᠡᠷᠪᠡ ᠬᠡᠦᠬᠡᠳ ᠤᠨ ᠴᠢᠨᠢ ᠲᠣᠭᠯᠠᠭᠠᠮ ᠤᠨ ᠲᠠᠯᠠᠪᠠᠢ ᠪᠠᠷᠢᠯᠭ᠎ᠠ ᠶᠢᠨ ᠲᠠᠯᠠᠪᠠᠢ ᠲᠠᠢ ᠣᠶᠢᠷ᠎ᠠ ᠪᠣᠯ ᠲᠠ | ᠬᠡᠦᠬᠡᠳ ᠢᠶᠠᠨ ᠶᠠᠭᠤ ᠪᠠᠷ ᠲᠣᠭᠯᠠᠵᠤ ᠪᠠᠶᠢᠭ᠎ᠠ ᠶᠢ ᠨᠢ ᠠᠩᠵᠠᠭᠠᠷᠠᠵᠤ ᠪᠠᠶᠢᠭᠠᠷᠠᠢ᠃ ᠪᠠᠷᠢᠯᠭ᠎ᠠ ᠶᠢᠨ ᠲᠠᠯᠠᠪᠠᠢ ᠶᠢᠨ | ᠤᠶᠢᠷᠠᠯᠴᠠᠭ᠎ᠠ ᠬᠠᠷ᠎ᠠ ᠲᠤᠭᠤᠯᠭ᠎ᠠ᠂ ᠪᠤᠳᠤᠭ ᠵᠡᠷᠭᠡ ᠬᠥᠮᠥᠨ ᠤ ᠡᠷᠡᠭᠦᠯ ᠮᠡᠨᠳᠦ ᠳᠤ ᠰᠥᠷᠬᠦ ᠨᠥᠯᠥᠭᠡᠯᠡᠬᠦ ᠬᠢᠮᠢ ᠶᠢᠨ | ᠪᠣᠳᠠᠰ ᠤᠳ ᠪᠠᠶᠢᠬᠤ ᠮᠠᠭᠠᠳᠯᠠᠯ ᠲᠠᠢ ᠶᠤᠮ᠃ |